ᠨᠡᠪᠲᠡᠷᠡᠨ ᠤᠷᠤᠬᠤ
ᠨᠠᠮᠤᠷ ᠤᠨ ᠪᠣᠷᠤᠭ᠎ᠠ

ᠨᠠᠮᠤᠷ ᠤᠨ ᠪᠣᠷᠤᠭ᠎ᠠ ᠰᠢᠪᠠᠷᠠᠨ ᠰᠢᠪᠠᠷᠡᠭ᠍ᠰᠡᠭᠡᠷ

ᠨᠠᠪᠴᠢ ᠴᠡᠴᠡᠭ᠌ ᠭᠠᠩᠬᠤᠨ ᠰᠢᠷᠭᠠᠯᠳᠤᠭᠠᠤᠨ

ᠨᠡᠭᠦᠳᠡᠯ ᠤᠨ ᠰᠢᠪᠠᠭᠤᠳ ᠣᠶᠠᠷᠠᠨ ᠭᠠᠩᠭ᠋ᠠᠨᠠᠭᠰᠠᠭᠠᠷ

ᠨᠤᠳᠤᠭ ᠡᠴᠡ ᠠᠶᠠᠷᠯᠠᠨ ᠬᠤᠯᠠᠬᠠᠨ ᠣᠳᠤᠯ᠎ᠠ

ᠨᠠᠮᠤᠷ ᠤᠨ ᠪᠣᠷᠤᠭ᠎ᠠ᠂ ᠨᠠᠮᠤᠷ ᠤᠨ ᠪᠣᠷᠤᠭ᠎ᠠ ᠡ

ᠨᠠᠳᠠ ᠡᠴᠡ ᠬᠤᠯᠠᠳᠬᠤ ᠵᠢᠷᠦᠭᠡᠨ ᠤ ᠨᠢᠯᠪᠣᠰᠤ

ᠰᠠᠢ᠌ᠬᠠᠨ ᠮᠠᠯᠮᠠᠢ ᠶᠢ ᠴᠢᠨᠢ ᠰᠢᠷᠳᠠᠨ ᠰᠢᠷᠳᠡᠭ᠍ᠰᠡᠭᠡᠷ

ᠰᠠᠷᠠᠨ ᠤ ᠳᠤᠶᠠᠭᠠᠨ ᠳᠤ ᠭᠡᠶ‍ᠦᠷᠤᠨ ᠭᠡᠶ‍ᠦᠷᠡᠭᠡᠳ

ᠰᠠᠨᠠᠬᠤ ᠶᠢᠨ ᠵᠢᠷᠭᠠᠯ ᠶᠢᠡᠷ ᠴᠢᠮ᠎ᠠ ᠪᠠᠨ ᠥᠭᠡᠢ᠌ᠯᠡᠭ᠍ᠰᠡᠭᠡᠷ

ᠰᠠᠯᠬᠤ ᠶᠢᠨ ᠵᠠᠶᠠᠭ᠎ᠠ ᠪᠠᠷ ᠠᠷᠭ᠎ᠠ ᠦᠭᠡᠶ ᠬᠤᠴᠤᠷᠠᠯ᠎ᠠ

ᠨᠠᠮᠤᠷ ᠤᠨ ᠪᠣᠷᠤᠭ᠎ᠠ᠂ ᠨᠠᠮᠤᠷ ᠤᠨ ᠪᠣᠷᠤᠭ᠎ᠠ ᠡ

ᠨᠠᠳᠠ ᠡᠴᠡ ᠬᠤᠯᠠᠳᠬᠤ ᠵᠢᠷᠦᠭᠡᠨ ᠤ ᠨᠢᠯᠪᠣᠰᠤ

ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2907
ᠴᠠᠭ᠄ 2009 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ