ᠨᠡᠪᠲᠡᠷᠡᠨ ᠤᠷᠤᠬᠤ
ᠬᠠᠢ᠌ᠷ᠎ᠠ ᠶᠢᠨ ᠰᠠᠭᠢᠭᠤᠰᠤ ᠡᠭᠡ ᠣᠷᠤᠨ

᠊᠊᠊᠊᠊᠊᠊᠊᠊᠊᠊᠊᠊᠊᠊ ᠳᠠᠪᠣᠳᠤᠭᠠᠷ ᠣᠳᠠᠭᠠᠨ ᠤ 《ᠮᠥᠩᠭᠡ ᠡᠡᠷᠴᠡ》 ᠰᠢᠯᠦᠭ᠌ ᠤᠨ ᠣᠷᠤᠯᠳᠤᠭᠠᠨ ᠳ᠋ᠤ ᠮᠠᠯᠴᠢᠳ ᠤᠨ ᠳᠤᠭᠣᠢ᠌ᠯᠠᠩ ᠤᠨ ᠨᠢᠭᠡᠳᠦᠭᠡᠷ ᠳᠠᠰ ᠤᠨ ᠱᠠᠩᠨᠠᠯ ᠭᠦᠷᠳᠡᠭ᠍ᠰᠡᠨ ᠰᠢᠯᠦᠭ᠌


ᠥᠩᠭᠡᠳᠤ ᠣᠷᠴᠢᠯᠠᠩ ᠳᠤ ᠣᠭᠢᠯᠠᠵᠤ ᠣᠨᠠᠨ ᠢᠷᠡᠭᠦ ᠪᠠᠷ

ᠦᠷᠦᠰᠢᠶᠠᠯᠳᠤ ᠰᠠᠢ᠌ᠬᠠᠨ ᠡᠭᠡ ᠣᠷᠤᠨ ᠮᠢᠨᠢ ᠨᠠᠮ᠎ᠠ ᠶᠢ᠌ ᠳᠤᠰᠤᠯ᠎ᠠ

ᠭᠦᠯ ᠳᠤ ᠣᠷᠤᠬᠤ ᠡᠴᠡ ᠪᠠᠨ ᠡᠮᠦᠨ᠎ᠡ ᠪᠢ ᠡᠩᠭᠡᠷ ᠳᠡᠭᠡᠭᠦᠷ ᠨᠢ ᠮᠥᠯᠭᠦᠭ᠍ᠰᠡᠨ

ᠭᠦᠯ ᠳᠤ ᠣᠷᠤᠭᠠᠤᠨ ᠪᠢ ᠦᠷᠦᠴᠠᠨ ᠳᠡᠭᠡᠭᠦᠷ ᠨᠢ ᠠᠯᠬᠤᠭᠰᠠᠨ

ᠠᠤᠭ᠎ᠠ ᠶᠡᠭᠡ ᠭᠦᠷᠦᠰᠤ ᠰᠢᠷᠤᠢ ᠪᠠᠨ ᠬᠠᠮᠠᠭᠠᠯᠠᠬᠤ ᠭᠡᠵᠤ

ᠠᠴᠢᠳᠤ ᠡᠭᠡ ᠣᠷᠤᠨ ᠤ ᠪᠠᠨ ᠡᠵᠡᠨ ᠪᠣᠯᠵᠤ ᠶᠠᠪᠣᠶ᠎ᠠ ᠭᠡᠵᠤ

ᠠᠷᠢᠭᠤᠨ ᠡᠯᠢᠭᠡᠨ ᠳᠡᠭᠡᠨ ᠪᠢ ᠳᠠᠩᠭ᠋ᠠᠷᠢᠭᠯᠠᠵᠤ ᠥᠰᠦᠭ᠍ᠰᠡᠨ ᠶᠤᠮ ᠡ

ᠬᠠᠯᠴᠠᠷᠠᠭᠰᠠᠨ ᠣᠷᠤᠮ ᠳ᠋ᠤᠨᠢ ᠮᠤᠳᠤ ᠳᠠᠷᠢᠵᠤ

ᠬᠤᠪᠬᠤᠷᠤᠭᠰᠠᠨ ᠰᠢᠷᠬᠠᠨ ᠳ᠋ᠤᠨᠢ ᠰᠢᠷᠤᠢ ᠨᠠᠮᠠᠵᠤ

ᠦᠨᠳᠦᠰᠦ ᠪᠦᠳᠤᠨ ᠣᠷᠭᠤᠮᠠᠯ ᠢ ᠨᠢ ᠬᠠᠢ᠌ᠷᠠᠯᠠᠵᠤ

ᠦᠨᠢᠷ ᠪᠠᠶᠠᠨ ᠰᠠᠩ ᠡᠷᠳᠡᠨᠢᠰ ᠢ ᠨᠢ ᠨᠠᠠᠳᠢᠩᠨᠠᠵᠤ

ᠥᠷᠡᠵᠢᠭᠦ ᠳᠦᠯᠵᠢᠭᠦ ᠠᠩ ᠠᠮᠢᠳᠠᠨ ᠢ ᠨᠢ ᠢᠪᠠᠭᠡᠵᠤ

ᠦᠷᠠᠯᠠᠵᠤ ᠳᠡᠯᠭᠡᠷᠡᠭᠦ ᠴᠡᠴᠡᠭ᠌ ᠨᠠᠪᠴᠢᠰ ᠢ ᠨᠢ ᠣᠰᠤᠯᠠᠵᠤ

ᠡᠭᠡ ᠣᠷᠤᠨ ᠤ ᠪᠠᠨ ᠦᠬᠢᠨ ᠳᠦᠷᠭᠦ ᠶᠢ ᠬᠠᠢ᠌ᠷᠠᠯᠠᠵᠤ ᠶᠠᠪᠣᠶ᠎ᠠ︕

ᠭᠤᠷᠪᠠᠨ ᠲᠦᠷᠦᠯ ᠠᠷᠴᠠ ᠪᠠᠷ ᠶᠢᠡᠨ ᠠᠷᠪᠠᠨ ᠵᠥᠭ᠌ ᠶᠢᠡᠨ ᠠᠷᠢᠭᠤᠤᠠᠬᠠᠭᠰᠠᠨ

ᠦᠯᠡᠮᠵᠢ ᠶᠢᠨ ᠪᠠᠶᠠᠨ ᠠᠭᠤᠯᠠ ᠣᠰᠤ ᠪᠠᠷ ᠶᠢᠡᠨ ᠭᠦᠮᠤᠨ ᠠᠷᠠᠤᠨ ᠶᠢᠡᠨ ᠪᠠᠶᠠᠰᠬᠠᠭᠰᠠᠨ

ᠮᠢᠨᠤ ᠵᠢᠷᠦᠭᠡᠨ ᠳᠤ ᠰᠥᠡᠳᠦᠷᠯᠡᠭᠦ ᠠᠷᠢᠭᠤᠨ ᠳᠠᠭᠰᠢᠨ ᠡᠪᠠᠰᠤ ᠪᠠᠯᠴᠢᠭᠡᠷ ᠮᠢᠨᠢ

ᠮᠢᠩᠭ᠋ᠠᠨ ᠳᠠᠪᠬᠤᠷ ᠡᠮᠭᠡᠨᠢᠯ ᠰᠢᠨᠠᠯᠤᠯ ᠶᠢᠡᠨ ᠳᠠᠶᠠᠭᠳᠠᠵᠤ ᠦᠩᠰᠢᠨ ᠥᠩᠰᠢᠭᠦ ᠳ᠋ᠤ

ᠠᠩ ᠭᠦᠷᠦᠭᠡᠰᠤ ᠨᠢ ᠭᠦᠷᠳᠡᠯ᠎ᠡ ᠢᠵᠢᠯᠢ ᠵᠢᠰᠤ ᠪᠠᠨ ᠰᠠᠨᠠᠨ ᠥᠭᠡᠢ᠌ᠯᠡᠵᠤ ᠪᠠᠢ᠌ᠨ᠎ᠠ

ᠠᠯᠠᠭ ᠴᠡᠴᠡᠭ᠌ ᠨᠢ ᠪᠣᠯᠪᠠᠴᠤ ᠠᠷᠢᠭᠤᠨ ᠬᠤᠷ᠎ᠠ ᠪᠠᠨ ᠮᠥᠷᠦᠭᠡᠳᠤᠨ ᠳᠠᠪᠳᠤᠵᠤ ᠪᠠᠢ᠌ᠨ᠎ᠠ

ᠮᠠᠯ ᠤᠨ ᠪᠣᠷᠤ ᠳᠤᠭᠤᠰᠤᠨ ᠲᠡᠶ ᠢᠵᠢᠯᠢᠰᠢᠨ ᠢᠷᠡᠭ᠍ᠰᠡᠨ ᠮᠠᠯᠴᠢᠨ ᠮᠢᠨᠢ

ᠮᠠᠩᠨᠤᠭ ᠨᠤᠭᠤᠭᠠᠨ ᠳᠠᠯ᠎ᠠ ᠳᠤ ᠦᠷᠨᠢᠨ ᠪᠣᠢ᠌ᠵᠢᠭᠰᠠᠨ ᠮᠤᠩᠭ᠋ᠤᠯᠴᠤᠳ ᠮᠢᠨᠢ

ᠮᠤᠷᠢᠨ ᠬᠤᠭᠤᠷ ᠲᠡᠶ ᠣᠷᠳᠤ ᠶᠢᠨ ᠳᠠᠭᠤᠤ ᠪᠠᠨ ᠣᠶᠠᠩᠭ᠋ᠠᠯᠠᠵᠤ

ᠮᠤᠩᠭ᠋ᠤᠯ ᠪᠠᠢ᠌ᠭᠠᠯᠢ ᠡᠭᠡ ᠣᠷᠤᠨ ᠶᠢᠡᠨ ᠭᠦᠭ᠍ᠵᠢᠭᠡᠭᠦ ᠭᠡᠵᠤ

ᠮᠥᠩᠭᠦᠨ ᠭᠢᠷᠠᠭᠤᠳᠤ ᠭᠦᠷᠦᠰᠤ ᠰᠢᠷᠤᠢ ᠳ᠋ᠤᠨᠢ ᠮᠦᠷ ᠶᠢᠡᠨ ᠥᠯᠡᠳᠡᠭᠡᠵᠤ

ᠮᠤᠷᠢᠳᠠᠨ ᠣᠯᠤᠰ ᠤᠨ ᠳᠡᠦᠭᠡ ᠲᠡᠶ ᠳᠠᠮᠠᠤᠯᠠᠵᠤ ᠢᠷᠡᠭ᠍ᠰᠡᠨ ᠠᠯᠳᠠᠨ ᠭᠦᠷᠦᠰᠤ

ᠡᠭᠡ ᠣᠷᠤᠨ ᠮᠢᠨᠢ ᠪᠢᠯᠠ


ᠲᠦᠮᠡᠨ ᠪᠣᠳᠠᠰ ᠲᠤ ᠭᠡᠷᠡᠯ ᠶᠢᠡᠨ ᠢᠪᠠᠭᠡᠭ᠍ᠰᠡᠨ ᠢᠯᠴᠢ ᠳᠠᠢ

ᠳᠡᠭ᠍ᠷᠢ ᠳᠤ ᠬᠠᠯᠢᠬᠤ ᠰᠢᠪᠠᠭᠤᠳ ᠲᠤ ᠨᠦᠮᠦᠷᠢ ᠪᠣᠯᠳᠠᠭ ᠬᠠᠩᠭ᠋ᠠᠢ ᠳᠠᠢ

ᠳᠤᠭᠤᠰᠤᠳᠤ ᠶ‍ᠢᠷᠳᠢᠠᠴᠤ ᠳᠤ ᠡᠵᠢ ᠳᠠᠭᠤᠳᠠᠭᠰᠠᠨ ᠠᠯᠳᠠᠷ ᠳᠠᠢ

ᠳᠤᠤᠯᠢᠮ᠎ᠠ ᠬᠤᠷᠸ᠎ᠠ ᠳᠤ ᠮᠥᠩᠭᠡᠷᠡᠭᠦ ᠳᠠᠭᠤᠤ ᠨᠠᠢ᠌ᠷ ᠤᠨ ᠭᠦᠭ᠌ ᠳᠠᠢ

ᠥᠰᠦᠭᠡᠢ ᠳᠤᠤᠷ᠎ᠠ ᠮᠢᠨᠢ ᠢᠪᠠᠭᠡᠰᠤ ᠪᠣᠯᠤᠭᠰᠠᠨ ᠮᠥᠩᠭᠡ ᠶᠢᠨ ᠳᠦᠰᠢᠭ᠌

ᠡᠯᠡᠵᠤ ᠬᠤᠳᠣᠢ᠌ᠬᠤ ᠣᠴᠢᠷ ᠦᠭᠡᠶ ᠴᠤᠯᠠ ᠪᠦᠳᠤᠨ ᠬᠠᠢ᠌ᠷ᠎ᠠ ᠶᠢᠨ ᠥᠯᠦᠭᠡᠢ

ᠡᠭᠡ ᠣᠷᠤᠨ ᠮᠢᠨᠢ ᠪᠢᠯᠠ


ᠬᠤᠷᠢᠨ ᠨᠠᠰᠤᠨ ᠤ ᠮᠢᠨᠢ ᠭᠡᠨᠡᠨ ᠠᠯᠳᠠᠭ᠎ᠠ ᠶᠢ ᠠᠭᠤᠴᠢᠯᠠᠵᠤ

ᠬᠤᠷᠸ᠎ᠠ ᠳᠤ ᠬᠠᠮᠤᠭ ᠭᠤᠶᠤ ᠳᠤᠷᠠᠰᠤᠯ ᠢ ᠣᠯᠭᠤᠭᠰᠠᠨ

ᠬᠠᠢ᠌ᠷ᠎ᠠ ᠶᠢᠨ ᠳᠠᠭᠤᠤ ᠪᠠᠷ ᠬᠠᠨᠢ ᠶᠢᠨ ᠵᠢᠷᠭᠠᠯ ᠢ ᠪᠦᠷᠢᠵᠤ

ᠬᠠᠢ᠌ᠷᠠᠯᠠᠨ ᠰᠠᠨᠠᠬᠤ ᠶᠢᠨ ᠰᠠᠢ᠌ᠬᠠᠨ ᠠᠯᠳᠠᠷᠠᠢ ᠡᠭᠡ ᠣᠷᠤᠨ ᠮᠢᠨᠢ

ᠡᠯᠡᠰᠤᠨ ᠳᠠᠰᠤᠷᠬᠠᠢ ᠪᠦᠭᠡᠷᠡᠭ᠌ ᠤᠨ ᠳᠡᠭᠡᠷ᠎ᠡ ᠡᠴᠡ ᠬᠠᠷᠠᠬᠤ ᠳᠤ ᠴᠤ

ᠡᠨᠡ ᠳᠡᠯᠡᠭᠡᠢ ᠶᠢᠨ ᠣᠷᠤᠰᠬᠠᠯ ᠪᠣᠯᠭᠠᠨ ᠢ ᠡᠩᠭᠡᠷ ᠲᠡᠭᠡᠨ ᠰᠢᠩᠭᠡᠭᠡᠭ᠍ᠰᠡᠨ ᠡᠵᠢ ᠮᠥᠷᠡᠨ ᠪᠠᠢ᠌ᠭᠰᠠᠨ

ᠡᠭᠡ ᠣᠷᠤᠨ ᠤ ᠪᠠᠨ ᠬᠠᠢ᠌ᠷ᠎ᠠ ᠡᠨᠡᠷᠢᠯ ᠳᠤ ᠰᠢᠯᠦᠭ᠌ ᠶᠢᠡᠨ ᠡᠷᠭᠦᠵᠤ

ᠡᠨᠡ ᠨᠤᠳᠤᠭ ᠤᠨ ᠶᠢᠡᠨ ᠡᠩᠭᠡ ᠠᠮᠤᠭᠤᠯᠠᠩ ᠳᠤ ᠰᠦ᠋ ᠪᠠᠨ ᠳᠡᠭᠡᠳᠦᠯᠡᠵᠤ

ᠡᠰᠨᠢᠨ ᠣᠷᠤᠰᠢᠭ᠎ᠠ ᠠᠷᠠᠤᠨ ᠲᠦᠮᠡᠨ ᠤ ᠪᠠᠨ ᠡᠷᠡᠭᠦᠯ ᠮᠠᠠᠳᠤ ᠶᠢ ᠰᠡᠳᠬᠢᠯ ᠳᠡᠭᠡᠨ ᠢᠷᠦᠭᠡᠵᠤ

ᠮᠠᠷᠭᠠᠰᠢ ᠶᠢᠨ ᠵᠤᠯ ᠵᠢᠷᠭᠠᠯ ᠢ ᠮᠠᠭᠳᠠᠨ ᠳᠠᠭᠤᠯᠠᠬᠤ ᠳ᠋ᠤ

ᠡᠨᠡ ᠶ‍ᠢᠷᠳᠢᠠᠴᠤ ᠳᠤ ᠣᠷᠭᠤᠨ ᠥᠰᠭᠦ ᠨᠢᠯᠬ᠎ᠠ ᠨᠤᠭᠤᠭ᠎ᠠ ᠨᠢ ᠪᠠᠢ᠌ᠭ᠎ᠠ ᠳ᠋ᠠ︕

ᠠᠷᠭᠠᠳᠡ︕ ᠡᠨᠡ ᠨᠤᠳᠤᠭ ᠶᠢᠡᠨ ᠡᠩᠭᠦᠷᠡᠢ᠌ᠯᠡ︕

ᠲᠦᠮᠡᠨ ᠦᠷ᠎ᠡ ᠪᠠᠨ ᠡᠭᠡ ᠣᠷᠤᠨ ᠮᠢᠨᠢ ᠡ︕

ᠵᠤᠬᠢᠶᠠᠭᠴᠢ᠄ ᠯᠦ᠋᠊·ᠮᠦᠩᠭᠦᠨ‍ᠬᠤᠸᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3929
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ