☆ ᠪᠠ᠊·ᠤᠳᠽᠠᠷ
ᠮᠤᠩᠭ᠋ᠤᠯ ᠭᠡᠯᠡ ᠮᠢᠨᠢ
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠳᠡᠯᠡᠭᠡᠢ ᠶᠢᠨ ᠭᠡᠯᠡᠨ ᠤ ᠡᠡᠭ᠍ᠨᠡᠭᠡᠨ ᠳᠤ
ᠳᠡᠷᠢᠭᠦᠯᠡᠨ ᠪᠠᠢ᠌ᠷᠢᠰᠢᠭᠠ
ᠭᠡᠯᠡᠭᠦ ᠳᠤ ᠡᠪ ᠲᠡᠶ
ᠭᠡᠷᠡᠭᠯᠡᠭᠦ ᠳᠤ ᠠᠶᠠᠳᠠᠢ
ᠦᠶ᠎ᠡ ᠶᠢᠨ ᠦᠶ᠎ᠡ ᠦᠨᠳᠦᠰᠦ ᠵᠠᠯᠭᠠᠬᠤ
ᠦᠨᠢ ᠮᠥᠩᠭᠡ ᠶᠢᠨ ᠰᠤᠳᠤᠷ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠰᠠᠷᠠᠭᠤᠯ ᠳᠠᠯ᠎ᠠ ᠪᠠᠨ
ᠳᠡᠯᠡᠷᠡᠭᠦᠯᠭᠦ ᠡᠴᠡ ᠪᠢᠰᠢ
ᠠᠪᠴᠢᠭᠤᠯᠳᠠᠭ ᠦᠭᠡᠶ
ᠠᠮᠢ ᠨᠠᠰᠤᠨ ᠤ ᠮᠢᠨᠢ
ᠨᠤᠭᠤᠭᠠᠨ ᠱᠠᠩᠰᠢ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠭᠦᠯᠦᠭ᠍ᠴᠢ ᠦᠨᠳᠦᠰᠦᠳᠠᠨ ᠤ
ᠭᠠᠩ ᠳᠤᠭᠤᠷᠠᠢ ᠡᠴᠡ
ᠣᠴᠢ ᠪᠣᠳᠠᠷᠠᠬᠤ
ᠳᠡᠯᠡᠭᠡᠢ ᠶᠢ ᠳᠤᠩᠰᠤᠯᠭᠠᠭᠰᠠᠨ ᠳᠡᠭ᠍ᠷᠢᠯᠢᠭ᠌ ᠭᠦᠪᠠᠭᠦᠨ ᠤ ᠣᠮᠤᠭ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠨᠠᠰᠤ ᠪᠠᠨ ᠦᠭᠭᠦ ᠦᠭᠡᠶ
ᠨᠤᠳᠤᠭ ᠶᠢᠡᠨ ᠦᠭᠭᠦ ᠦᠭᠡᠶ
ᠰᠢᠷᠠᠮᠦ᠋ᠷᠠᠨ ᠡᠴᠡ ᠱᠤᠤᠭᠢᠵᠤ ᠢᠷᠡᠭ᠍ᠰᠡᠨ
ᠭᠠᠳᠠ ᠮᠠᠢ᠌ᠷᠠᠨ ᠤ ᠳᠠᠭᠤᠤ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠦᠷᠦᠭᠡᠯ ᠪᠣᠰᠤᠳ ᠡᠴᠡ
ᠦᠪᠡᠷ ᠤᠨ ᠪᠠᠶ᠎ᠠ ᠪᠠᠨ ᠳᠠᠨᠢᠵᠤ ᠴᠢᠳᠠᠭᠰᠠᠨ
ᠰᠠᠷᠠᠨ ᠭᠡᠭᠡᠨ ᠳᠤᠯᠢ
ᠰᠠᠨᠠᠭ᠎ᠠ ᠴᠠᠭᠠᠨ ᠳᠦᠷᠭᠦ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠤᠢ᠌ᠷ᠎ᠡ ᠡᠴᠡ ᠠᠯᠤᠰ ᠢ ᠠᠵᠢᠨ
ᠠᠯᠤᠰ ᠡᠴᠡ ᠤᠢ᠌ᠷ᠎ᠡ ᠶᠢ ᠰᠢᠡᠵᠢᠭᠦ
ᠬᠤᠯᠠ ᠶᠢ ᠬᠠᠷᠠᠭᠰᠠᠨ ᠳᠤᠷᠠᠨ
ᠬᠠᠷᠠᠭ᠎ᠠ ᠶᠢ ᠳᠡᠯᠡᠭ᠍ᠰᠡᠨ ᠬᠠᠩᠭ᠋ᠠᠢ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠥᠡᠳᠦᠷᠯᠢᠭ᠌ ᠤᠨ ᠲᠦᠪᠰᠢᠨ ᠳᠤ
ᠥᠮᠦᠭ᠌ ᠪᠣᠯᠤᠨ ᠰᠥᠡᠳᠡᠷᠯᠡᠭ᠍ᠰᠡᠨ
ᠳᠠᠯᠠᠨ ᠬᠠᠷ᠎ᠠ ᠶᠢᠨ ᠠᠷᠠᠠᠰᠢᠨ ᠲᠡᠶ
ᠳᠡᠭ᠍ᠷᠢ ᠶᠢᠨ ᠪᠣᠰᠤᠭ᠎ᠠ ᠳᠠᠮᠠᠭ᠎ᠠ ᠪᠢᠯᠠ᠃
ᠮᠤᠩᠭ᠋ᠤᠯ ᠭᠡᠯᠡ ᠊᠊᠊᠊᠊᠊᠊᠊᠊᠊᠊᠊᠊᠊᠊
ᠨᠠᠳᠠᠳᠤ ᠳᠠᠭᠠᠨ ᠪᠣᠯ
ᠮᠤᠯᠤᠷ ᠡᠷᠳᠡᠨᠢ ᠪᠠᠢ᠌ᠨᠠᠮ
ᠲᠦᠮᠡᠨ ᠦᠶ᠎ᠡ ᠶᠢ ᠠᠮᠢᠵᠢᠷᠠᠯ ᠶᠢᠡᠷ ᠭᠡᠢ᠌ᠭᠦᠯᠭᠦ
ᠳᠦᠭᠡᠮᠡᠯ ᠢᠯᠴᠢᠳᠤ ᠨᠠᠷᠠ ᠪᠠᠢ᠌ᠨᠠᠮ ︕
ᠵᠤᠬᠢᠶᠠᠭᠴᠢ ᠶᠢᠨ ᠬᠠᠶᠠᠭ ᠄ ᠳᠦᠡᠭᠯᠢᠶᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ
ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄
ᠰᠢᠯᠦᠭᠳᠠᠷᠤᠮ᠄ 15700
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ