☆ ᠭᠦᠷᠵᠡᠪ
ᠠᠳᠤᠭᠤᠨ ᠳᠠᠯ
᠊᠊᠊᠊᠊᠊᠊᠊᠊᠊᠊᠊᠊᠊᠊ ᠡᠪᠦᠷ ᠳᠡᠮᠳᠡᠭᠯᠡᠯ ᠰᠢᠯᠦᠭ᠌ (ᠭᠤᠷᠪᠠ)
ᠠᠳᠤᠭᠤᠨ ᠳᠠᠯ
ᠠᠷᠤ ᠭᠠᠵᠠᠷ ᠤᠨ
ᠠᠵᠠ ᠲᠡᠶ ᠊᠊᠊᠊᠊᠊᠊᠊᠊᠊᠊᠊᠊᠊᠊ ᠴᠡᠩᠭᠡᠷ ᠰᠠᠯᠭᠢ
ᠠᠯᠤᠰ ᠡᠴᠡ ᠮᠢᠷᠠᠯᠵᠠᠬᠤ
ᠢᠷ ᠲᠡᠶ ᠊᠊᠊᠊᠊᠊᠊᠊᠊᠊᠊᠊᠊᠊᠊ ᠢᠷᠠᠭᠤ ᠵᠡᠷᠭᠡᠯᠭᠡᠨ
ᠠᠭᠠᠷ ᠪᠦᠷᠭᠦᠭᠦ
ᠠᠪᠣᠷᠭᠤ ᠊᠊᠊᠊᠊᠊᠊᠊᠊᠊᠊᠊᠊᠊᠊ ᠭᠦᠭᠡ ᠳᠤᠭ
ᠠᠯᠪᠢᠩ ᠳᠠᠷᠤᠬᠤ
ᠠᠳᠢᠰ ᠊᠊᠊᠊᠊᠊᠊᠊᠊᠊᠊᠊᠊᠊᠊ ᠰᠢᠳᠢᠳᠤ ᠭᠠᠯ
ᠨᠤᠳᠤᠭ ᠤᠨ ᠮᠢᠨᠢ ᠰᠠᠯᠭᠢ
ᠨᠤᠳᠤᠭ ᠤᠨ ᠮᠢᠨᠢ ᠰᠠᠯᠭᠢ ᠊᠊᠊᠊᠊᠊᠊᠊᠊᠊᠊᠊᠊᠊᠊
ᠨᠢᠷᠤᠭᠤ ᠶᠢ ᠮᠢᠨᠢ ᠢᠷᠯᠡᠭ᠍ᠰᠡᠨ ᠪᠢᠯᠡᠭᠦᠤ
ᠨᠤᠤᠬ᠎ᠠ ᠶᠢ ᠮᠢᠨᠢ ᠠᠷᠴᠢᠭᠰᠠᠨ ᠠᠯᠴᠢᠭᠤᠷ
ᠨᠢᠰᠤ ᠶᠢ ᠮᠢᠨᠢ ᠵᠥᠯᠭᠦᠭ᠍ᠰᠡᠨ ᠭᠠᠷ
ᠨᠢᠯᠪᠣᠰᠤ ᠶᠢ ᠮᠢᠨᠢ ᠪᠦᠮᠪᠦᠷᠢᠭᠦᠯᠦᠭ᠍ᠰᠡᠨ ᠬᠠᠢ᠌ᠷ᠎ᠠ
ᠨᠤᠳᠤᠭ ᠤᠨ ᠮᠢᠨᠢ ᠰᠠᠯᠭᠢ ᠊᠊᠊᠊᠊᠊᠊᠊᠊᠊᠊᠊᠊᠊᠊
ᠣᠬᠠᠭ᠎ᠠ ᠶᠢ ᠮᠢᠨᠢ ᠣᠭᠵᠢᠭᠰᠠᠨ ᠣᠶᠠᠩᠭ᠋᠎ᠠ
ᠳᠦᠭᠦᠭᠡ ᠶᠢ ᠮᠢᠨᠢ ᠳᠦᠭᠡᠭᠡᠭ᠍ᠰᠡᠨ ᠳᠦᠷᠦᠭᠡ
ᠰᠡᠭᠡᠭᠡ ᠶᠢ ᠮᠢᠨᠢ ᠰᠡᠭᠦᠭ᠍ᠰᠡᠨ ᠴᠤᠩᠬᠤ
ᠰᠡᠳᠬᠢᠯᠭᠡ ᠶᠢ ᠮᠢᠨᠢ ᠴᠢᠪᠬᠠᠳᠠᠭᠰᠠᠨ ᠭᠡᠯᠡ
ᠭᠦᠭᠡ ᠬᠤᠳᠠ ᠶᠢᠨ ᠭᠦᠳᠡᠩ
ᠭᠦᠭᠡ ᠬᠤᠳᠠ ᠶᠢᠨ ᠭᠦᠳᠡᠩ
ᠭᠦᠯ᠂ ᠭᠠᠷ ᠢ ᠣᠷᠢᠶᠠᠨ᠎ᠠ
ᠭᠦᠷᠮ᠎ᠡ᠂ ᠵᠠᠭᠠᠮ᠎ᠠ ᠶᠢ ᠣᠷᠢᠶᠠᠨ᠎ᠠ
ᠭᠦᠪᠦᠷᠢᠵᠤ ᠴᠤᠬᠣᠢ᠌ᠬᠤ
ᠨᠠᠪᠴᠢ᠂ ᠨᠠᠭᠢᠶ᠎ᠠ ᠶᠢ᠌ ᠣᠷᠢᠶᠠᠨ᠎ᠠ
ᠬᠦᠬᠡᠬᠤᠲᠠ ᠶᠢᠨ ᠭᠦᠳᠡᠩ
ᠭᠦᠰᠢᠶ᠎ᠡ᠁ ᠪᠠᠷᠢᠯᠭ᠎ᠠ ᠶᠢ ᠣᠷᠢᠶᠠᠨ᠎ᠠ
ᠭᠦᠦᠷ᠁ ᠪᠠᠶᠠᠷ ᠢ ᠣᠷᠢᠶᠠᠨ᠎ᠠ
ᠭᠦᠭᠡᠷᠡᠵᠤ ᠱᠤᠤᠭᠢᠬᠤ
ᠠᠮᠢ᠂ ᠠᠮᠢᠰᠬᠤᠯ ᠢ ᠣᠷᠢᠶᠠᠨ᠎ᠠ᠁
ᠡᠭᠦᠯᠡ
ᠣᠷᠠᠭᠳᠠᠵᠤ ᠨᠠᠪᠳᠠᠷᠠᠭᠰᠠᠨ ᠳᠡᠷᠯᠢᠭ᠌ ᠤᠨ ᠮᠢᠨᠢ ᠬᠤᠷᠮᠤᠢ
ᠣᠭᠤᠭᠢᠯᠠᠵᠤ ᠪᠣᠴᠠᠯᠤᠭᠰᠠᠨ ᠭᠠᠯ ᠤᠨ ᠮᠢᠨᠢ ᠲᠦᠯᠦ
ᠠᠭᠤᠷᠰᠢᠵᠤ ᠳᠡᠭ᠍ᠳᠡᠭ᠍ᠰᠡᠨ ᠭᠤᠤᠯ ᠤᠨ ᠮᠢᠨᠢ ᠠᠮᠢᠰᠬᠤᠯ
ᠣᠭᠰᠠᠷᠠᠵᠤ ᠴᠤᠪᠣᠷᠠᠯᠳᠤᠭᠰᠠᠨ ᠨᠡᠭᠦᠳᠡᠯ ᠤᠨ ᠮᠢᠨᠢ ᠴᠤᠪᠣᠭ᠎ᠠ
(1990 ᠊᠊᠊᠊᠊᠊᠊᠊᠊᠊᠊᠊᠊᠊᠊ ᠭᠡᠳ ᠣᠨ ᠤ ᠳᠤᠮᠳᠠᠴᠢ ᠰᠡᠭᠦᠯᠴᠢ ᠪᠠᠷ ᠪᠢᠴᠢᠭ᠍ᠰᠡᠨ ᠨᠡᠢ᠌ᠳᠡᠯᠡᠭᠡᠳᠦᠢ ᠰᠢᠯᠦᠭ᠌ ᠤᠳ᠃ ᠦᠨᠦᠳᠤᠷ ᠭᠠᠷᠭᠠᠨ ᠠᠪᠴᠤ ᠣᠩᠰᠢᠬᠤ ᠳᠤ ᠪᠣᠯᠬᠤ ᠰᠢᠭ᠃ ᠣᠪᠣᠭ᠎ᠠ ᠣᠩᠰᠢᠪᠣᠷᠢᠳᠠᠢ ᠰᠢᠭ᠃ ᠢᠩᠭᠢᠭᠡᠳ ᠡ᠊ᠨᠳᠡ ᠨᠡᠢ᠌ᠳᠡᠯᠡᠭᠦᠯᠵᠤ ᠣᠯᠠᠨ᠎ᠠ ᠵᠤᠯᠭᠠᠭᠤᠯᠬᠤ ᠶᠢ ᠵᠤᠷᠢᠯ᠎ᠠ᠃ ᠳᠠ ᠪᠦᠭᠦᠨ ᠳᠠᠭᠠᠰᠢᠶᠠᠬᠤ ᠪᠣᠯᠳᠤᠭᠠᠢ︕)
ᠬᠠᠶᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2950
ᠴᠠᠭ᠄ 2009 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ