☆ ᠯ·ᠣᠳᠤᠨ
ᠠᠩᠬᠠᠨ ᠤ ᠰᠦᠨᠢ
᠊᠊᠊᠊᠊᠊᠊᠊᠊᠊᠊᠊᠊᠊᠊ ᠭᠠᠭᠴᠠᠭᠠᠷ ᠣᠩᠰᠢᠬᠤ ᠰᠢᠯᠦᠭ᠌
ᠰᠠᠯᠭᠢᠨ ᠤ ᠠᠭᠠᠰᠢ ᠶᠢ ᠭᠡᠵᠢᠭᠡᠨ ᠡᠴᠡ ᠴᠢᠨᠢ ᠰᠠᠮᠨᠠᠨ ᠬᠤᠷᠤᠭᠤᠨ ᠳᠤ ᠪᠠᠨ ᠵᠡᠭᠦᠯᠭᠡᠯ᠎ᠡ
ᠰᠠᠷᠠᠨ ᠤ ᠠᠮᠳᠠ ᠶᠢ ᠣᠷᠤᠭᠤᠯ ᠡᠴᠡ ᠴᠢᠨᠢ ᠰᠢᠮᠠᠨ ᠭᠡᠯᠡᠨ ᠳᠤ ᠪᠠᠨ ᠠᠮᠳᠠᠯᠠᠯ᠎ᠠ
ᠰᠠᠢ᠌ᠬᠠᠨ ᠦᠳᠡᠰᠢ ᠶᠢ ᠬᠠᠷᠠᠴᠠᠨ ᠳᠤ ᠴᠢᠨᠢ ᠬᠤᠨᠤᠭᠠᠨ ᠭᠡᠷᠡᠯ ᠡᠴᠡ ᠬᠠᠷᠠᠮᠨᠠᠯᠠ
ᠰᠠᠷᠠᠨᠠᠢ ᠴᠡᠴᠡᠭ᠌ ᠤᠨ ᠦᠨᠦᠷ ᠲᠤ ᠰᠤᠭᠳᠤᠨ ᠣᠳᠤᠳ ᠭᠠᠵᠠᠷ ᠲᠤ ᠠᠰᠬᠠᠷᠠᠯ᠎ᠠ
ᠭᠦᠷᠮᠡᠨ ᠤ ᠳᠤᠪᠴᠢᠰ ᠠᠯᠳᠠᠷᠠᠬᠤ ᠴᠢᠮᠡᠭᠡ ᠪᠠᠷ ᠰᠦᠨᠢ ᠢᠴᠢᠨ ᠨᠢᠳᠤ ᠪᠠᠨ ᠠᠨᠢᠯ᠎ᠠ
ᠭᠦᠷᠡᠩ ᠵᠢᠷᠦᠭᠡᠨ ᠤ ᠰᠢᠪᠠᠨᠡᠭᠡ ᠴᠢᠩᠨᠠᠨ ᠰᠢᠭᠦᠳᠡᠷᠢ ᠭᠦᠯᠦᠷᠡᠵᠤ ᠨᠢᠭᠤᠷ ᠶᠢᠡᠨ ᠪᠦᠳᠡᠭᠡᠯᠡ
ᠭᠡᠦᠭᠡᠨ ᠳᠠᠯᠪᠢ ᠶᠢᠨ ᠵᠠᠳᠠᠷᠠᠬᠤ ᠠᠨᠢᠷ ᠶᠢᠡᠷ ᠡᠭᠦᠯᠡᠰ ᠢᠷᠠᠭᠳᠠᠨ ᠶᠢᠷᠳᠢᠠᠴᠤ ᠴᠤᠭᠤᠷᠤᠯᠠ
ᠭᠦᠮᠤᠨ ᠶᠤᠰᠤᠨ ᠤ ᠨᠢᠭᠤᠴᠠ ᠰᠡᠭᠦᠭ᠍ᠳᠡᠨ ᠡᠮᠨᠢᠭ᠌ ᠪᠠᠶ᠎ᠠ ᠪᠠᠨ ᠴᠡᠴᠡᠭ᠌ ᠳᠡᠭᠡᠷ᠎ᠡ ᠭᠡᠭᠡᠯᠡ
ᠵᠤᠨ ᠤ ᠥᠩᠭᠡ ᠶᠢ ᠨᠤᠭᠤᠭᠠᠨ ᠶᠢᠡᠷ ᠨᠢ ᠬᠠᠳᠠᠭᠠᠯᠠᠨ ᠠᠯᠴᠢᠭᠤᠷ ᠶᠢᠡᠨ ᠪᠣᠳᠤᠯ᠎ᠠ
ᠵᠠᠭᠤᠷᠠᠳᠤ ᠶᠢᠨ ᠵᠢᠷᠭᠠᠯ ᠶᠢᠡᠨ ᠭᠡᠭᠡᠷ᠎ᠡ ᠡᠴᠡ ᠳᠡᠭᠦᠨ ᠰᠡᠳᠭᠢᠯ ᠳᠤ ᠪᠠᠨ ᠳᠠᠷᠢᠯ᠎ᠠ
ᠵᠢᠷᠤᠭ ᠤᠨ ᠨᠢᠴᠦᠭᠦᠨ ᠪᠠᠶ᠎ᠠ ᠶᠢ ᠴᠢᠨᠢ ᠳᠠᠪᠠᠷᠢᠨ ᠪᠣᠯᠭᠢᠯᠠᠭᠰᠠᠨ ᠵᠢᠷᠦᠭᠡ ᠪᠠᠨ ᠠᠷᠭᠠᠳᠠᠯ᠎ᠠ
ᠵᠡᠭᠦᠳᠤᠨ ᠭᠤᠸ᠎ᠠ ᠵᠢᠰᠤᠨ ᠳᠤ ᠴᠢᠨᠢ ᠣᠨᠠᠨ ᠳᠤᠷᠠᠯᠠᠯ ᠤᠨ ᠴᠢᠯᠠᠭᠤᠨ ᠳᠤ ᠪᠦᠳᠦᠷᠢᠯᠡ
ᠬᠠᠢ᠌ᠷ᠎ᠠ ᠶᠢᠨ ᠢᠯᠴᠢᠨ ᠳᠤ ᠭᠠᠷ ᠶᠢᠡᠨ ᠳᠦᠭᠡᠨᠡᠭᠦᠯᠵᠤ ᠭᠡᠭᠡ ᠶᠢ ᠮᠠᠷᠳᠠᠨ ᠨᠢᠯᠬᠠᠷᠠᠯ᠎ᠠ
ᠬᠠᠨᠢ ᠶᠢᠨ ᠵᠠᠶᠠᠭᠠᠨ ᠳᠤ ᠨᠠᠰᠤ ᠪᠠᠨ ᠴᠢᠮᠠᠯᠠᠨ ᠴᠠᠭ ᠢ ᠣᠶᠠᠮᠠᠷ ᠰᠠᠨᠠᠭᠳᠠᠯ᠎ᠠ
ᠬᠠᠯᠠᠭᠤᠨ ᠢᠨᠠᠭ ᠤᠨ ᠭᠠᠯ ᠳᠤ ᠬᠠᠢ᠌ᠯᠵᠤ ᠳᠦᠳᠡᠭ᠌ ᠪᠣᠯᠤᠨ ᠨᠤᠴᠤᠯᠠ
ᠬᠠᠷᠠᠩᠭ᠋ᠤᠢ ᠶᠢᠨ ᠳᠤᠮᠳᠠ ᠬᠤᠶᠠᠭᠤᠯᠬᠠᠨ ᠳᠤᠭᠳᠤᠯᠤᠨ ᠳᠤᠯᠪᠣ ᠪᠣᠯᠤᠨ ᠠᠭᠤᠰᠤᠯ᠎ᠠ ᠁
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠣᠯᠠᠭᠠᠨ ᠰᠢᠶᠠᠨ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2691
ᠴᠠᠭ᠄ 2012 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ