ᠨᠡᠪᠲᠡᠷᠡᠨ ᠤᠷᠤᠬᠤ
ᠭᠦᠰᠡᠯ ᠮᠦᠷᠦᠭᠡᠳᠦᠯ ᠤᠨ ᠭᠦᠪᠰᠦᠭᠦᠯ

᠊᠊᠊᠊᠊᠊᠊᠊᠊᠊᠊᠊᠊᠊᠊ ᠭᠦᠪᠰᠦᠭᠦᠯ ᠳᠠᠯᠠᠢ ᠳᠤ ᠠᠶᠠᠯᠠᠨ ᠵᠤᠭᠠᠴᠠᠭᠠᠤᠨ


ᠭᠦᠨ ᠴᠡᠩᠭᠡᠷ ᠭᠦᠪᠰᠦᠭᠦᠯ ᠳᠠᠯᠠᠢ

ᠭᠦᠡᠵᠡᠭᠡᠢ ᠰᠤᠳᠤᠨ ᠮᠤᠩᠭ᠋ᠤᠯ ᠠᠮᠢᠰᠬᠤᠭ᠎ᠠ

ᠭᠦᠷᠡᠩ ᠳᠡᠯᠡᠭᠡᠢ ᠶᠢᠨ ᠵᠢᠷᠦᠭᠡᠨ ᠤ ᠳᠤᠯᠳᠤ

ᠭᠦᠮᠤᠨ ᠤ ᠳᠤ ᠦᠭᠡᠶ ᠣᠩᠭ᠋ᠤᠨ ᠪᠠᠢ᠌ᠭᠠᠯᠢ


ᠨᠠᠷᠠᠨ ᠰᠠᠷᠠᠨ ᠤ ᠭᠡᠭᠡᠨ ᠳᠤᠯᠢ

ᠨᠠᠪᠴᠢ ᠴᠡᠴᠡᠭᠡᠰ ᠤᠨ ᠴᠡᠭᠡᠨ ᠳᠡᠵᠢᠭᠡᠯ

ᠨᠠᠯᠠᠭᠠᠷ ᠬᠤᠷᠸ᠎ᠠ ᠶᠢᠨ ᠠᠮᠢᠨ ᠳᠤᠪᠴᠢ

ᠨᠠᠢ᠌ᠷᠰᠠᠭ ᠣᠷᠴᠢᠯᠠᠩ ᠤᠨ ᠵᠡᠭᠦᠳᠤᠨ ᠳᠤᠤᠯᠢ


ᠮᠢᠨᠤ ᠪᠠᠶ᠎ᠠ᠂ ᠡᠨᠡ ᠣᠨ ᠤ 7 ᠳ᠋ᠤᠭᠠᠷ ᠰᠠᠷ᠎ᠠ ᠶᠢᠨ 21 ᠊᠊᠊᠊᠊᠊᠊᠊᠊᠊᠊᠊᠊᠊᠊ 24 ᠤ ᠡᠳᠦᠷ ᠪᠣᠯᠳᠠᠯ᠎ᠠ᠂ ᠮᠤᠩᠭ᠋ᠤᠯ ᠣᠯᠤᠰ ᠤᠨ ᠭᠦᠪᠰᠦᠭᠦᠯ ᠠᠢ᠌ᠮᠠᠭ ᠤᠨ ᠭᠦᠪᠰᠦᠭᠦᠯ ᠨᠠᠭᠤᠷ ᠶᠢᠡᠷ ᠠᠶᠠᠯᠠᠨ ᠵᠤᠭᠠᠴᠠᠭᠰᠠ ᠶᠤᠮ᠃ ᠳᠤᠰ ᠰᠢᠯᠦᠭᠯᠡᠯ ᠪᠣᠯ ᠮᠢᠨᠤ 7 ᠳ᠋ᠤᠭᠠᠷ ᠰᠠᠷ᠎ᠠ ᠶᠢᠨ 24 ᠤ ᠦᠳᠡ ᠶᠢᠨ ᠬᠣᠢ᠌ᠨ᠎ᠠ᠂ ᠭᠦᠪᠰᠦᠭᠦᠯ ᠨᠠᠭᠤᠷ ᠡᠴᠡ ᠪᠣᠴᠠᠨ ᠭᠦᠪᠰᠦᠭᠦᠯ ᠠᠢ᠌ᠮᠠᠭ ᠤᠨ ᠲᠦᠪ ᠮᠦᠷᠠᠨ ᠰᠤᠮᠤᠨ᠎ᠠ ᠶᠠᠪᠣᠬᠤ ᠮᠠᠰᠢᠨ ᠳᠡᠷᠭᠡᠨ᠎ᠡ ᠰᠠᠭᠤᠵᠤ ᠶᠠᠪᠣᠬᠤ ᠳᠠᠭᠠᠨ ᠭᠡᠨᠡᠳᠲᠡ ᠰᠠᠳᠭᠢᠵᠤ ᠪᠣᠳᠤᠵᠤ᠂ ᠪᠢᠴᠢᠵᠤ ᠳᠡᠮᠳᠡᠭᠯᠡᠨ ᠠᠪᠣᠭᠰᠠᠨ ᠰᠢᠯᠦᠭᠯᠡᠯ ᠰᠢᠭ᠌ ᠶᠠᠭᠤᠮ᠎ᠠ ᠪᠣᠯᠬᠤ ᠶᠤᠮ᠃

ᠭᠦᠰᠦᠭᠦᠯ ᠨᠠᠭᠤᠷ ᠭᠡᠵᠤ ᠭᠤᠶᠤ ᠨᠠᠭᠤᠷ᠃ ᠬᠤᠷᠸ᠎ᠠ ᠳᠤ ᠬᠤᠤᠰ ᠦᠭᠡᠶ ᠴᠡᠯᠮᠡᠭ᠌ ᠣᠰᠤᠨ᠂ ᠡᠯᠮᠢᠭ᠌ ᠪᠠᠢ᠌ᠭᠠᠯᠢ᠃

ᠪᠢ ᠭᠦᠪᠰᠦᠭᠦᠯ ᠨᠠᠭᠤᠷ ᠤᠨ ᠳᠤᠬᠠᠢ ᠲᠡᠶ ᠪᠣᠶᠤ ᠭᠦᠪᠰᠦᠭᠦᠯ ᠊᠊᠊᠊᠊᠊᠊᠊᠊᠊᠊᠊᠊᠊᠊ ᠣᠯᠠᠭᠠᠠᠪᠠᠭᠠᠳᠤᠷ ᠶᠢᠡᠷ ᠠᠶᠠᠯᠠᠨ ᠳᠤᠭᠤᠷᠢᠭᠰᠠᠨ ᠳᠤᠬᠠᠢ ᠳᠡᠢ     《ᠭᠦᠨ ᠴᠡᠩᠭᠡᠷ ᠭᠦᠪᠰᠦᠭᠦᠯ ᠳᠡᠯᠡᠢ》 ᠭᠡᠭᠦ ᠪᠠᠷᠢᠮᠳᠠᠳᠤ ᠳᠡᠮᠳᠡᠭᠯᠡᠯ ᠪᠣᠶᠤ 《ᠭᠦᠰᠡᠯ ᠮᠦᠷᠦᠭᠡᠳᠦᠯ ᠤᠨ ᠭᠦᠪᠰᠦᠭᠦᠯ》 ᠭᠡᠭᠦ ᠪᠠᠷᠢᠮᠳᠠᠳᠤ ᠨᠠᠢ᠌ᠷᠠᠭᠤᠯᠤᠯ ᠪᠢᠴᠢᠭᠡᠳ ᠪᠣᠢ᠃ ᠬᠤᠵᠢᠮ ᠡᠭᠦᠨ ᠶᠢᠡᠨ ᠰᠠᠢ᠌ᠳᠤᠷ ᠵᠠᠰᠠᠵᠤ ᠪᠣᠯᠪᠠᠰᠤᠷᠠᠭᠤᠯᠴᠢᠬᠠᠭᠠᠤᠨ᠂ ᠰᠤᠨᠢᠨ ᠰᠡᠳᠭᠦᠯ ᠪᠣᠶᠤ ᠰᠦᠯᠵᠢᠶ᠎ᠠ ᠵᠠᠭᠤᠴᠢᠯᠠᠭᠤᠷ ᠲᠤ ᠥᠭ᠍ᠴᠤ ᠨᠡᠢ᠌ᠳᠡᠯᠡᠭᠦᠯᠵᠤ᠂ ᠨᠤᠮ ᠳᠡᠭᠦᠪᠦᠷᠢ ᠳᠡᠭᠡᠨ ᠣᠷᠤᠭᠤᠯᠤᠨ ᠭᠡᠪᠯᠡᠭᠦᠯᠤᠨ᠎ᠡ᠃

ᠭᠦᠰᠡᠯ ᠮᠦᠷᠦᠭᠡᠳᠦᠯ ᠢ ᠳᠠᠯᠠᠯᠤᠭᠰᠠᠨ ᠭᠦᠪᠰᠦᠭᠦᠯ ᠨᠠᠭᠤᠷ ᠭᠡᠵᠤ ᠭᠤᠶᠤ ᠨᠠᠭᠤᠷ᠃ ᠭᠦᠷᠦᠭᠡᠳ ᠣᠴᠢᠭᠠᠤᠨ᠁ ᠪᠣᠴᠠᠭᠠᠤᠨ ᠢᠷᠡᠴᠢᠭᠡᠭ᠍ᠰᠡᠨ ᠴᠤ ᠭᠡᠵᠢᠶᠡᠳᠡ ᠳᠤᠷᠰᠤᠭᠳᠠᠨ ᠰᠠᠨᠠᠭᠳᠠᠬᠤ ᠨᠠᠭᠤᠷ︕


       2010.08.05. ᠬᠦᠬᠡᠬᠤᠲᠠᠨ᠎ᠡ


ᠵᠤᠬᠢᠶᠠᠭᠴᠢ ᠶᠢᠨ ᠬᠠ‍‌ᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 10 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ