☆ ᠭᠦᠷᠵᠡᠪ
ᠮᠤᠩᠭ᠋ᠤᠯ ᠭᠡᠷ ᠤᠨ ᠳᠤᠬᠠᠢ ᠤᠨᠢᠰᠤᠭ᠎ᠠ ᠨᠤᠭᠤᠳ
1. ᠪᠦᠳᠦᠭᠦᠨ ᠡᠪᠦᠭᠡᠨ
ᠪᠦᠰᠡ ᠪᠠᠨ ᠪᠦᠰᠡᠯᠡᠵᠤ ᠴᠢᠳᠠᠬᠤ ᠥᠭᠡᠢ
(ᠮᠤᠩᠭ᠋ᠤᠯ ᠭᠡᠷ)
2. ᠢᠰᠢᠭᠡᠨ ᠡᠪᠠᠷ
ᠢᠨᠠᠩ ᠳᠢᠨᠠᠩ
(ᠮᠤᠩᠭ᠋ᠤᠯ ᠭᠡᠷ ᠤᠨ ᠬᠠᠨ᠎ᠠ ᠶᠢᠨ ᠳᠤᠯᠤᠭᠠᠢ)
3. ᠭᠡᠷ ᠶᠢᠡᠷ ᠳᠦᠭᠦᠷᠡᠩ
ᠤᠪᠤᠯᠠᠭ ᠳᠤᠪᠣᠯᠠᠭ
(ᠮᠤᠩᠭ᠋ᠤᠯ ᠭᠡᠷ ᠤᠨ ᠬᠠᠨ᠎ᠠ ᠶᠢᠨ ᠥᠳᠡᠭᠡᠷᠢ)
4. ᠵᠠᠭᠤᠨ ᠳᠡᠮᠡᠭᠡᠨ ᠳᠤᠳᠤᠷ᠎ᠠ
ᠵᠠᠭᠤᠳᠠᠭ ᠬᠠᠷ᠎ᠠ ᠪᠣᠤᠷ᠎ᠠ
(ᠮᠤᠩᠭ᠋ᠤᠯ ᠭᠡᠷ ᠤᠨ ᠳᠤᠭᠤᠨᠤ ᠶᠢᠨ ᠭᠤᠤᠯ)
5. ᠤᠩᠨᠢᠭᠤᠳ ᠤᠨ ᠳᠡᠮᠡᠭᠡ
ᠤᠯᠡᠨ ᠴᠠᠭᠠᠨ ᠳᠦᠷᠤ ᠲᠡᠶ
(ᠮᠤᠩᠭ᠋ᠤᠯ ᠭᠡᠷ ᠤᠨ ᠡᠦᠨᠢ)
6. ᠭᠡᠷ ᠤᠨ ᠬᠣᠢ᠌ᠨ᠎ᠠ
ᠭᠡᠳᠡᠩ ᠭᠦᠲᠤᠩ
(ᠮᠤᠩᠭ᠋ᠤᠯ ᠭᠡᠷ ᠤᠨ ᠡᠷᠦᠭᠡᠨ ᠤᠭᠤᠰᠦᠷ)
7. ᠰᠠᠮᠵᠠ ᠥᠭᠡᠷ᠎ᠡ ᠥᠭᠡᠢ ᠨᠢᠮᠭᠡᠨ
ᠰᠡᠭᠡᠷ ᠥᠭᠡᠷ᠎ᠡ ᠥᠭᠡᠢ ᠨᠠᠢ᠌ᠯᠠᠨ᠎ᠠ
(ᠮᠤᠩᠭ᠋ᠤᠯ ᠭᠡᠷ ᠤᠨ ᠬᠠᠨ᠎ᠠ)
8. ᠭᠡᠷ ᠲᠤ ᠭᠤᠷᠪᠠ
ᠭᠠᠳᠠᠭ᠎ᠠ ᠳᠦᠷᠪᠠ
(ᠳᠤᠯᠭ᠎ᠠ ᠶᠢᠨ ᠳᠤᠳᠤᠭᠤ᠂ ᠡᠷᠦᠭᠡᠨ ᠤᠭᠤᠰᠦᠷ)
9. ᠡᠳᠤᠷ ᠭᠤᠷᠪᠠᠯᠵᠢᠨ
ᠰᠦᠨᠢ ᠳᠦᠷᠪᠠᠯᠵᠢᠨ
(ᠮᠤᠩᠭ᠋ᠤᠯ ᠭᠡᠷ ᠤᠨ ᠡᠷᠦᠭᠡ)
10. ᠪᠢ ᠴᠠᠭᠠᠭᠤᠷ᠂ ᠴᠢ ᠨᠠᠭᠠᠭᠤᠷ
ᠪᠢᠯᠡᠭᠦᠳᠤ ᠶᠢᠨ ᠭᠤᠤᠯ ᠳᠤ ᠠᠭᠤᠯᠵᠠᠶ᠎ᠠ
(ᠭᠡᠷ ᠤᠨ ᠤᠯᠦᠡᠭ᠌ ᠪᠦᠰᠡᠯᠡᠭᠦ)
11. ᠪᠣᠰᠤᠨ ᠪᠣᠰᠤᠨ
ᠪᠣᠷᠤ ᠳᠠᠭ᠎ᠠ ᠪᠠᠨ ᠡᠦᠨᠦᠨᠡ
(ᠮᠤᠩᠭ᠋ᠤᠯ ᠭᠡᠷ ᠤᠨ ᠪᠣᠱᠤᠭ᠎ᠠ)
12. ᠵᠠᠭᠤᠨ ᠪᠢᠯᠵᠤᠤᠬᠠᠢ
ᠭᠠᠵᠠᠷ ᠰᠠᠭᠤᠨ᠎ᠠ
(ᠮᠤᠩᠭ᠋ᠤᠯ ᠭᠡᠷ ᠤᠨ ᠬᠠᠨ᠎ᠠ ᠶᠢᠨ ᠢᠷᠤᠭᠠᠷ)
13. ᠠᠪᠣ ᠭᠦᠤ ᠳᠤᠭᠤᠯᠠᠩ
ᠠᠴᠢ ᠭᠦᠤ ᠳᠤᠭᠤᠯᠠᠩ
ᠵᠢᠭᠡ ᠭᠦᠤ ᠳᠤᠭᠤᠯᠠᠩ
ᠵᠢᠭ᠍ᠵᠡᠪ ᠳᠤᠭᠤᠯᠠᠩ
(ᠮᠤᠩᠭ᠋ᠤᠯ ᠭᠡᠷ ᠤᠨ ᠬᠠᠨ᠎ᠠ ᠶᠢᠨ ᠠᠮᠠ)
14. ᠡᠭᠡᠴᠢ ᠳᠡᠭᠦᠤ ᠬᠤᠶᠠᠷ
ᠡᠡᠭ᠌ ᠰᠠᠴᠠᠭᠤ
(ᠮᠤᠩᠭ᠋ᠤᠯ ᠭᠡᠷ ᠤᠨ ᠬᠠᠭᠠᠯᠭᠠᠨ ᠤ ᠬᠤᠶᠠᠷ ᠳᠠᠯ᠎ᠠ)
15. ᠮᠤᠳᠤᠨ ᠪᠠᠶ᠎ᠠ ᠳᠠᠢ
ᠮᠤᠭᠠᠢ ᠶᠢᠨ ᠪᠦᠰᠡᠯᠡᠭᠦᠷ ᠳᠠᠢ
ᠢᠰᠡᠭᠡᠢ ᠳᠠᠪᠠᠯ ᠲᠡᠶ
ᠡᠷᠳᠡᠨᠢ ᠶᠢᠨ ᠳᠤᠯᠭᠠᠭᠤᠷᠢ ᠳᠠᠢ
(ᠮᠤᠩᠭ᠋ᠤᠯ ᠭᠡᠷ)
16. ᠨᠠᠢ᠌ᠯᠠᠪᠠᠯ ᠨᠠᠷᠠᠨ ᠮᠠᠳᠤ
ᠰᠠᠯᠪᠠᠯ ᠰᠠᠷᠠᠨ ᠮᠠᠳᠤ
(ᠮᠤᠩᠭ᠋ᠤᠯ ᠭᠡᠷ ᠤᠨ ᠳᠤᠭᠤᠨᠤ)
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7487
ᠴᠠᠭ᠄ 2011 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ