☆ ᠪᠠ᠊·ᠤᠳᠬᠤᠠᠪᠠᠭᠠᠳᠤᠷ
ᠷ·ᠴᠣᠢ᠌ᠨᠤᠮ ᠳ᠋ᠤ
ᠦᠷ ᠬᠠᠷᠠᠩᠭ᠋ᠤᠢ ᠶᠢᠨ ᠳᠤᠮᠳᠠ
ᠥᠰᠦᠭ᠌ ᠲᠡᠶ ᠪᠠᠨ ᠦᠨᠳᠠᠢ᠌ᠵᠤ ᠪᠢᠴᠢᠯ᠎ᠠ
ᠴᠣᠢ᠌ᠨᠤᠮ ᠶᠡᠭᠡ ᠪᠠᠭᠰᠢ ᠵᠢᠨ
ᠠᠮᠠᠷᠠᠬᠤ ᠶᠢ ᠨᠢᠭᠡ ᠨᠥᠯᠦᠭᠡᠯᠡᠪᠡ ᠭᠡᠮᠡᠷ
ᠠᠢ᠌ᠯ ᠤᠨ ᠨᠤᠬᠠᠢ ᠶᠢᠨ ᠬᠤᠴᠢᠬᠤ ᠳᠠᠭᠤᠨ
ᠠᠯᠤᠰ ᠲᠤ ᠬᠠᠶᠠ ᠰᠤᠨᠤᠰᠳᠠᠨ᠎ᠠ
ᠳᠦᠷᠪᠠᠨ ᠰᠠᠷᠠᠢ᠌ᠨ ᠬᠤᠷᠢᠨ ᠳᠦᠷᠪᠠᠨ
ᠡᠨᠡ ᠮᠦᠴᠡ
ᠡᠨᠡ ᠴᠠᠭ ᠵᠢᠠᠷ
ᠠᠯᠳᠠᠷᠠᠢ᠌ᠬᠠᠨ ᠪᠠᠶ᠎ᠠ ᠪᠠᠨ
ᠠᠮᠢᠳᠤ ᠳᠤ ᠪᠠᠨ ᠣᠯᠵᠤ ᠬᠠᠷᠠᠭ᠎ᠠ ᠥᠭᠡᠢ
《ᠠᠯᠢ ᠡᠳᠦᠷ ᠰᠢᠯᠦᠭ᠌ ᠮᠢᠨᠢ
ᠠᠯᠳᠠ ᠪᠠᠷ ᠥᠨᠡᠯᠡᠭ᠍ᠳᠡᠭᠦ ᠴᠠᠭ ᠪᠣᠢ》 ᠭᠡᠵᠤ
ᠷᠢᠠᠴᠢᠨ ᠤ ᠭᠦᠤ ᠰᠢᠷ᠎ᠠ ᠴᠣᠢ᠌ᠨᠤᠮ
ᠠᠮᠢ ᠲᠡᠶ ᠪᠠᠨ ᠬᠤᠷᠸ᠎ᠠ ᠡᠴᠠ ᠨᠡᠭᠦᠭ᠍ᠰᠡᠨ ᠪᠠᠢ᠌ᠵᠠᠢ
ᠠᠯᠳᠠ ᠪᠠᠶ᠎ᠠ ᠶᠢ ᠡᠵᠢ ᠡᠴᠠ ᠪᠠᠨ ᠳᠠᠷᠠ ᠣᠯᠬᠤ ᠳ᠋ᠤ
ᠥᠢᠯᠡᠰᠵᠢᠭᠦ ᠨᠠᠷᠠ ᠶᠢ ᠠᠪᠣ ᠨᠢ ᠰᠤᠷᠤᠶ᠎ᠠ ᠭᠡᠵᠤ ᠭᠡᠰᠢᠭᠯᠡᠭ᠍ᠰᠡᠨ
ᠰᠤᠷᠬᠤ ᠨᠠᠰᠤᠨ ᠳᠠᠭᠠᠨ ᠰᠤᠷᠴᠤ ᠳᠡᠢ᠌ᠯᠦᠭᠡ ᠦᠭᠡᠶ ᠶᠢᠨ ᠣᠴᠢᠷ ᠭᠡᠮᠡᠷ
ᠪᠠᠳᠠᠷᠴᠢ ᠴᠣᠢ᠌ᠨᠤᠮ ᠨᠠᠷᠠ ᠵᠢ
ᠪᠠᠶ᠎ᠠ ᠡᠴᠠ ᠪᠠᠨ ᠣᠯᠵᠤ ᠳᠠᠭᠤᠳᠠᠭᠰᠠᠨ ᠶᠤᠮ
ᠳᠦᠷᠪᠠᠨ ᠣᠨ ᠤ ᠰᠤᠷᠤᠭᠴᠢ ᠶᠢᠨ ᠮᠦᠷ ᠵᠢᠠᠷ
ᠳᠦᠴᠢᠨ ᠵᠢᠯ ᠤᠨ ᠰᠤᠶᠤᠯ ᠢ ᠭᠦᠮᠦᠷᠭᠡᠯᠡᠭ᠍ᠰᠡᠨ
ᠳᠦᠭᠡᠯᠡᠵᠤ ᠶᠠᠪᠣᠬᠤ ᠨᠠᠰᠤᠨ ᠤ ᠣᠷᠤᠮ ᠵᠢᠠᠷ
ᠳᠤᠷ᠎ᠠ ᠲᠡᠶ ᠪᠠᠨ ᠣᠷᠤᠯᠳᠤᠵᠤ ᠡᠷᠭᠢᠴᠡᠭ᠍ᠰᠡᠨ ᠭᠦᠮᠤᠨ
ᠬᠤᠭᠤᠯᠠ ᠡᠷᠭᠢᠭᠦᠯᠦᠭ᠍ᠰᠡᠨ ᠨᠤᠬᠠᠢ
ᠠᠢ᠌ᠯ ᠭᠡᠷᠦᠭ᠍ᠰᠡᠨ ᠴᠣᠢ᠌ᠨᠤᠮ
ᠬᠤᠭ ᠤᠨ ᠬᠠᠵᠠᠭᠤ ᠳ᠋ᠠᠭᠢ ᠳᠠᠢ᠌ᠵᠠᠨ ᠳ᠋ᠤ
ᠨᠥᠭᠦᠷᠯᠡᠵᠤ ᠰᠠᠭᠤᠭᠰᠠᠨ ᠣᠳᠠᠭ᠎ᠠ ᠳᠠᠢ
ᠠᠬᠤᠢ ᠠᠮᠢᠳᠤᠷᠠᠯ ᠳᠤ ᠪᠠᠨ
ᠶᠠᠳᠠᠭᠤ ᠶᠠᠪᠣᠭᠰᠠᠨ ᠶᠢᠡᠷ ᠪᠠᠳᠠᠷᠴᠢᠨ ᠭᠡᠮᠡᠷ
ᠬᠠᠯᠠᠬᠤ ᠴᠠᠭ ᠲᠠᠭᠠᠨ ᠬᠠᠯᠠᠵᠤ
ᠭᠦᠢᠳᠡᠷᠡᠭᠦ ᠴᠠᠭ ᠲᠤ ᠭᠦᠯᠳᠡᠵᠤ ᠶᠠᠪᠣᠭᠰᠠᠨ ᠮᠦᠷ ᠴᠢᠨᠢ
ᠬᠠᠳᠠᠭᠤ ᠳᠠᠭᠠᠭᠠᠴᠠ ᠵᠤᠷᠢᠭ ᠢ
ᠬᠠᠠᠳᠢᠪᠯᠠᠵᠤ ᠰᠤᠷᠤᠭᠰᠠᠨ ᠡᠷ᠎ᠡ ᠯᠠ ᠳ᠋ᠠ
ᠰᠦᠷᠢᠶ᠎ᠠ ᠡᠪᠡᠳᠴᠢᠨ ᠪᠠᠶ᠎ᠠ ᠣᠷᠢᠶᠠᠯᠠᠵᠤ
ᠰᠤᠷᠤᠭᠴᠢ ᠨᠠᠷᠠ ᠪᠠᠨ ᠡᠷᠳᠡ ᠳᠡᠭᠦᠰᠭᠡᠯᠡ
ᠰᠤᠷᠭᠠᠭᠤᠯᠢ ᠶᠢᠨ ᠭᠦᠷᠢᠶᠡᠨ ᠳᠤ ᠣᠯᠤᠭ᠎ᠠ ᠦᠭᠡᠶ ᠪᠠᠨ
ᠠᠢ᠌ᠯ ᠡᠴᠠ ᠬᠠᠢ᠌ᠨ᠂ ᠨᠡᠢ᠌ᠭᠡᠮ ᠡᠴᠠ ᠴᠤᠭᠯᠠᠭᠤᠯᠤᠯ᠎ᠠ
ᠰᠢᠮᠳᠠᠯ ᠭᠦᠮᠤᠨ ᠢ ᠭᠤᠮᠤᠳᠠᠭᠠᠳᠠᠭ ᠦᠭᠡᠶ ᠭᠡᠭᠦ
ᠬᠠᠮᠢᠭ᠎ᠠ ᠭᠦᠷᠦᠭ᠍ᠰᠡᠨ ᠴᠤ ᠶᠤᠰᠤᠳᠠᠢ ᠥᠭᠡ
ᠰᠤᠷᠮᠠᠭᠠᠢ ᠶᠡᠭᠡ ᠣᠬᠠᠭᠠᠨ ᠰᠠᠷᠠᠯ ᠶᠢᠡᠷ ᠵᠢᠠᠨ
ᠰᠤᠷᠤᠭᠰᠠᠨ ᠶᠢᠡᠨ ᠭᠡᠷᠡᠭᠯᠡᠵᠤ ᠪᠠᠷᠠᠭ᠎ᠠ ᠦᠭᠡᠶ ᠭᠦᠮᠤᠨ
ᠬᠠᠷᠠᠴᠤ ᠶᠢᠨ ᠭᠦᠤ ᠬᠠᠮᠢᠭ᠎ᠠ ᠶᠠᠪᠣᠯ᠎ᠠ ᠴᠤ
ᠭᠦᠮᠤᠨ ᠤ ᠨᠢᠳᠤᠨ ᠬᠤᠭ
ᠭᠠᠷ ᠲᠤ ᠣᠷᠤᠭᠰᠠᠨ ᠦᠷᠭᠡᠰᠤ
ᠠᠵᠢᠯ ᠤᠨ ᠳᠤᠮᠳᠠ ᠣᠴᠢᠷ ᠶᠢᠡᠨ ᠣᠯᠤᠭ᠎ᠠ ᠦᠭᠡᠶ ᠮᠢᠩᠭ᠋ᠠᠨ ᠳᠦᠭᠦᠷᠢᠭ᠌ ᠤᠨ ᠣᠷᠰᠢᠭ ᠢ
ᠲᠦᠯᠭᠢᠵᠤ ᠴᠤ ᠳᠡᠢ᠌ᠯᠦᠭᠡ ᠥᠭᠡᠢ
ᠳᠤᠯᠤᠭᠠᠢ ᠳᠡᠭᠡᠷ᠎ᠡ ᠪᠠᠨ ᠭᠦᠮᠦᠷᠡᠨ ᠳᠤᠰᠤᠭᠰᠠᠨ ᠶᠤᠮ
ᠶᠢᠰᠤᠨ ᠰᠠᠷ᠎ᠠ ᠶᠢᠨ ᠱᠤᠷᠤᠩ ᠤᠨ ᠨᠤᠮᠯᠠᠯ ᠢ
ᠣᠬᠠᠭᠠᠨ ᠳᠤ ᠪᠠᠨ ᠠᠮᠢᠳᠤ ᠪᠠᠷ ᠭᠦᠷᠳᠡᠭ᠍ᠰᠡᠨ ᠶᠤᠮ
ᠬᠠᠮᠢᠭ᠎ᠠ ᠶᠠᠪᠣᠯ᠎ᠠ ᠴᠤ
ᠪᠠᠳᠠᠷᠴᠢᠨ ᠡᠴᠠ ᠢᠯᠡᠭᠦᠤ ᠦᠭᠡᠶ ᠡᠨᠡ ᠭᠦᠮᠤᠨ
ᠠᠮᠢ ᠪᠠᠨ ᠬᠠᠶᠠᠨ ᠵᠠᠩᠰᠢᠭᠰᠠᠨ
ᠰᠢᠯᠦᠭᠯᠡᠭᠦ ᠪᠠᠨ ᠮᠠᠷᠳᠠᠭ᠎ᠠ ᠦᠭᠡᠶ ᠨᠢᠭᠡ ᠰᠤᠷᠳᠠᠯ
ᠰᠡᠭ᠍ᠰᠡᠢ᠌ᠭ᠍ᠰᠡᠨ ᠣᠷᠪᠣᠳᠠᠭ ᠭᠡᠵᠢᠭᠡ
ᠰᠡᠷᠪᠠᠭᠡᠷ ᠭᠡᠳᠤᠨ ᠰᠠᠬᠠᠯ ᠡᠴᠠ ᠥᠭᠡᠷ᠎ᠡ
ᠦᠷᠳᠡᠭ᠌ ᠳᠤᠭᠠᠴᠢᠮᠠᠷ ᠦᠭᠡᠶ ᠡᠨᠡ ᠭᠦᠮᠤᠨ ᠳᠤ ᠴᠤ
ᠭᠦᠮᠤᠨ ᠭᠢᠷᠢ ᠪᠠᠷ ᠭᠦᠨᠡᠰᠦᠳᠡᠢ ᠪᠠᠢ᠌ᠳᠠᠭ ᠬᠤᠷᠸ᠎ᠠ
ᠭᠦᠮᠤᠨ ᠢ ᠶᠠᠷᠤ ᠨᠢ ᠭᠦᠮᠤᠨ ᠡᠴᠠ ᠭᠠᠳᠠᠭᠤᠷ ᠥᠵᠡᠳᠡᠭ᠌ ᠦᠭᠡᠶ ᠳᠤ ᠨᠢ
ᠭᠦᠮᠤᠨ ᠠᠮᠢᠳᠤᠷᠠᠳᠠᠭ ᠳᠠᠷᠠ ᠵᠢᠮ᠎ᠠ ᠪᠠᠷ
ᠠᠢ᠌ᠯ ᠤᠨ ᠦᠬᠢᠨ ᡀᠪᠠᠵᠠᠪ ᠳᠠᠢ
ᠡᠩᠭᠡᠷ ᠵᠦᠷᠢᠭᠦᠯᠤᠨ ᠵᠢᠷᠭᠠᠭᠰᠠᠨ ᠶᠤᠮ
ᠡᠷ᠎ᠡ ᠭᠦᠮᠤᠨ ᠰᠢᠭ ᠡᠷ᠎ᠡ ᠭᠦᠮᠤᠨ
ᠥᠭᠦᠭᠡᠷᠳᠦᠵᠤ ᠬᠠᠢ᠌ᠷᠠᠯᠠᠬᠤ ᠡᠴᠠ ᠦᠬᠢᠨ ᠲᠡᠶ ᠴᠤ ᠪᠣᠯᠤᠯ᠎ᠠ
ᠳᠤᠭᠤᠰᠳᠤ ᠶᠢᠷᠳᠢᠠᠴᠤ ᠶᠢᠨ ᠣᠯᠠᠭᠠᠨ ᠢ
ᠳᠤᠭᠤᠬᠤ ᠦᠭᠡᠶ ᠯᠠ ᠬᠠᠷᠠᠳᠠᠭ ᠡᠨᠡ ᠭᠦᠮᠤᠨ
《ᠳᠠᠩᠬᠠᠢ ᠪᠢᠷ᠂ ᠵᠠᠳᠠᠷᠠᠭᠰᠠᠨ ᠣᠬᠠᠭᠠᠨ》 ᠬᠤᠶᠠᠷ ᠵᠢᠠᠷ
ᠳᠠᠭᠠᠷᠢᠵᠤ ᠶᠠᠪᠣᠬᠤ ᠪᠠᠨ ᠮᠠᠷᠳᠠᠭ᠎ᠠ ᠦᠭᠡᠶ ᠯᠠ
ᠭᠡᠷ ᠶᠢᠠᠨ ᠭᠡᠵᠤ ᠪᠣᠳᠤᠪᠠᠯ ᠨᠢᠭᠡ ᠡᠷᠭᠢᠴᠡᠨ᠎ᠡ
ᠭᠡᠷᠭᠡᠢ ᠪᠠᠨ ᠭᠡᠵᠤ ᠰᠠᠨᠠᠪᠠᠯ ᠨᠢᠭᠡ ᠬᠤᠨᠤᠴᠢᠬᠠᠨᠠ
ᠰᠢᠯᠦᠭ᠌᠂ ᠬᠤᠭᠤᠯᠠ ᠬᠤᠶᠠᠷ ᠢ
ᠠᠰ ᠶᠢᠡᠷ ᠶᠢᠡᠨ ᠳᠤᠭᠠᠴᠠᠭᠠᠳᠠᠢ ᠶᠠᠪᠣᠭᠰᠠᠨ ᠭᠦᠮᠤᠨ
ᠡᠷ᠎ᠡ ᠭᠦᠮᠤᠨ ᠢ ᠭᠡᠷ ᠲᠡᠭᠡᠨ ᠪᠣᠰᠤᠭ᠎ᠠ ᠭᠡᠢ᠌ᠮᠦᠷᠢ ᠭᠡᠭᠦ ᠳ᠋ᠤ
ᠳᠤᠭᠴᠢ ᠳᠠᠯᠪᠠᠭ᠎ᠠ ᠪᠠᠨ ᠠᠷᠤ ᠳᠤ ᠪᠠᠨ ᠡᠭᠦᠷᠴᠤ
ᠳᠡᠨᠦᠭᠦᠯᠴᠢ ᠰᠢᠭ᠌ ᠠᠯᠬᠤᠭᠰᠠᠨ ᠴᠣᠢ᠌ᠨᠤᠮ ᠢ
ᠡᠭᠡᠨᠡᠷ ᠬᠡᠦᠬᠡᠳ ᠡᠢ᠌ᠮᠤ ᠭᠦᠮᠤᠨ ᠶᠢᠡᠷ ᠶᠠᠭᠤ ᠭᠢᠨ᠎ᠡ ︖
ᠭᠡᠭᠦ ᠳ᠋ᠤ
ᠡᠷ᠎ᠡ ᠭᠦᠮᠤᠨ ᠤᠬᠠᠭᠠᠯᠢᠭ ᠲ᠋ᠡᠭᠡᠷ᠎ᠡ ᠪᠠᠨ ᠪᠢᠴᠢᠯᠭᠡ ᠲᠡᠶ ᠪᠣᠯ
ᠡᠮ᠎ᠡ ᠭᠦᠮᠤᠨ ᠥᠭᠡᠨ ᠳᠤ ᠨᠢ ᠣᠶᠠᠷᠠᠵᠤ ᠣᠨᠠᠳᠠᠭ ᠶᠤᠮ
ᠳᠡᠨᠦᠭᠦᠯᠴᠢ ᠴᠣᠢ᠌ᠨᠤᠮ ᠤᠨ ᠣᠷ᠎ᠠ ᠪᠢᠯᠢᠭ᠌ ᠳᠤ
ᠨᠢᠨᠠ ᠶᠢ ᠬᠤᠶᠠᠳᠠᠭᠢ ᠪᠠᠨ ᠪᠠᠭᠤᠯᠭᠠᠭᠰᠠᠨ ᠶᠤᠮ
ᠵᠥᠳᠡᠭᠦᠤ ᠠᠮᠢᠳᠤᠷᠠᠯ᠂ ᠠᠷᠬᠠᠭ ᠲᠡᠶ ᠪᠠᠶ᠎ᠠ ᠨᠢ
ᠵᠦᠪ ᠲᠡᠶ ᠠᠮᠢᠳᠤᠷᠠᠯ ᠢ ᠡᠳ᠋ᠯᠡᠭᠦ ᠦᠭᠡᠶ ᠪᠠᠷ
ᠨᠡᠢ᠌ᠭᠡᠮ ᠳᠤ ᠭᠠᠷᠭᠠᠰᠠᠨ ᠠᠭᠤᠷ
ᠪᠠᠶ᠎ᠠ ᠳᠤ ᠨᠢ ᠳᠤᠰᠤᠭᠰᠠᠨ ᠰᠤᠮᠤ ᠪᠣᠯᠵᠤ
《ᠨᠡᠢ᠌ᠭᠡᠮ ᠬᠠᠮᠠᠭᠠᠯᠬᠤ ᠶᠠᠮᠤᠨ》 ᠊ᠤ
ᠬᠠᠳᠠᠭᠤ ᠰᠢᠭᠦᠯᠳᠡ ᠳᠤ ᠳᠠᠭᠤᠭᠳᠠᠨ
ᠥᠵᠡᠭᠡ ᠦᠭᠡᠶ ᠴᠤ ᠪᠢᠰᠢ ᠱᠤᠷᠤᠩ ᠤᠨ ᠠᠮᠢᠳᠤᠷᠠᠯ ᠢ
ᠦᠵᠡᠯᠳᠠ ᠪᠠᠨ ᠴᠠᠭᠠᠳᠬᠠᠵᠤ ᠴᠢᠳᠠᠭ᠎ᠠ ᠦᠭᠡᠶ ᠰᠠᠭᠤᠭᠰᠠᠨ ᠯᠠ ᠭᠦᠮᠤᠨ
ᠣᠰᠤᠨ ᠪᠢᠷ
ᠣᠬᠠᠭᠠᠯᠢᠭ ᠳᠠᠷᠢᠭᠢ ᠴᠢᠨᠢ ᠪᠠᠢ᠌ᠭᠰᠠᠨ ᠴᠠᠭ ᠳᠤ
ᠠᠮᠢᠳᠤᠷᠠᠯ ᠣᠶᠠᠩᠭ᠋ᠠᠯᠠᠬᠤ ᠪᠠᠨ ᠮᠠᠷᠳᠠᠭ᠎ᠠ ᠥᠭᠡᠢ
ᠣᠢ᠌ᠯᠠᠰ ᠢ ᠴᠢᠰᠤ ᠪᠠᠷ ᠶᠢᠡᠨ ᠪᠢᠴᠢᠭ᠍ᠰᠡᠨ
ᠦᠨᠡᠨ ᠮᠦᠷ ᠴᠢᠨᠢ ᠨᠠᠷᠠ ᠪᠠᠨ ᠳᠦᠰᠢᠭᠡᠳ ᠵᠤᠭᠰᠤᠵᠤ ᠪᠠᠢ᠌ᠨ᠎ᠠ
ᠦᠨᠡᠨ ᠶᠢᠡᠨ ᠣᠯᠤᠭ᠎ᠠ ᠥᠭᠡᠢ
ᠵᠥᠳᠡᠭᠦᠤ ᠠᠮᠢᠳᠤᠷᠠᠯ ᠲᠡᠶ ᠴᠣᠢ᠌ᠨᠤᠮ ᠢ
ᠠᠮᠢ ᠪᠠᠨ ᠠᠯᠳᠠᠵᠤ ᠶᠠᠪᠣᠴᠢᠬᠤ ᠪᠠᠷ
ᠶᠠᠯ᠎ᠠ ᠶᠢ ᠨᠢ ᠠᠯᠳᠠᠷᠭᠠᠵᠤ ᠭᠠᠪᠢᠶ᠎ᠠ ᠶᠢ ᠨᠢ ᠡᠷᠭᠦᠮᠵᠢᠯᠡᠳᠡᠭ᠌ ᠣᠴᠢᠷ
ᠳᠡᠯᠡᠭᠡᠢ ᠭᠦᠷᠤᠨ ᠡᠨᠡ ᠣᠯᠤᠰ ᠲᠤ ᠪᠠᠢ᠌ᠳᠠᠭ ᠯᠠ ᠪᠢᠰᠢ
ᠳᠦᠷᠤ ᠶᠢ ᠥᠢᠮᠡᠭᠦᠯᠤᠨ ᠲᠦᠮᠡᠨ ᠢ ᠥᠳᠡᠭᠡᠭ᠍ᠰᠡᠨ ᠨᠠᠷᠠ ᠴᠢᠨᠢ ᠳᠡᠭᠡᠭᠡᠳ
ᠳᠦᠷᠤ ᠶᠢᠨ ᠱᠠᠩ ᠢ ᠪᠠᠶ᠎ᠠ ᠴᠢᠨᠢ ᠪᠢᠰᠢ ᠪᠦᠰᠡᠭᠦᠢ ᠴᠢᠨᠢ ᠣᠷᠤᠯᠠᠨ ᠳᠤᠰᠴᠤ ᠪᠠᠢ᠌ᠨ᠎ᠠ
《ᠠᠯᠢ ᠡᠳᠦᠷ ᠮᠢᠨᠤ ᠰᠢᠯᠦᠭ᠌
ᠠᠯᠳᠠ ᠪᠠᠷ ᠥᠨᠡᠯᠡᠭᠦ ᠴᠠᠭ ᠪᠣᠢ》 ᠭᠡᠳᠡᠭ᠌ ᠶᠢᠠᠨ
ᠠᠷᠠᠤᠨ ᠡᠴᠠ ᠰᠢᠭᠦᠯᠳᠡ ᠶᠢ ᠨᠢ ᠳᠤᠰᠤᠭ᠎ᠠ ᠶᠤᠮ ᠪᠠᠢ᠌ᠨ᠎ᠠ
2011 .4 .24 ᠦᠷᠯᠦᠭᠡᠨ ᠤ ᠭᠤᠷᠪᠠᠨ ᠴᠠᠭ
ᠶᠡᠭᠡ ᠪᠠᠭᠰᠢ ᠶᠢ ᠪᠢᠴᠢᠨ᠎ᠠ ᠭᠡᠵᠤ ᠵᠤᠷᠢᠭ ᠣᠷᠤᠭ᠎ᠠ ᠦᠭᠡᠶ ᠶᠤᠮ᠁
ᠪᠣᠷᠤᠭᠤ ᠪᠠᠢ᠌ᠪᠠᠯ ᠬᠠᠯᠠᠨ ᠰᠢᠭᠦᠮᠵᠢᠯᠡᠭᠦ ᠪᠣᠯᠤᠭᠠᠰᠠᠢ ︕
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10197
ᠴᠠᠭ᠄ 2011 ᠤᠨ ᠤ 10 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ