☆ ᠪᠣᠷᠵᠢᠭᠢᠨ·ᠨᠠᠴᠢᠨ
ᠴᠢᠨ᠋ᠸ᠎ᠠ ᠶᠢᠨ ᠳᠤᠤᠯᠢ
ᠰᠥᠯᠳᠡᠯᠡᠭ᠍ᠰᠡᠨ ᠣᠯᠢᠯᠳᠠ ᠳᠤ ᠴᠢᠨᠢ ᠰᠦᠨᠢ ᠶᠢᠨ ᠨᠠᠮ ᠭᠦᠮ ᠡᠭᠡᠰᠢᠭᠯᠡᠵᠤ
ᠰᠥᠰᠦᠭᠯᠡᠭ᠍ᠰᠡᠨ ᠭᠢᠰᠭᠢᠯᠳᠠ ᠳᠤ ᠴᠢᠨᠢ ᠳᠠᠯ᠎ᠠ ᠶᠢᠨ ᠰᠠᠯᠭᠢ ᠪᠦᠵᠢᠭᠯᠡᠨ᠎ᠡ᠂
ᠰᠦᠷᠳᠤ ᠬᠠᠷᠠᠴᠠᠨ ᠳᠤ ᠴᠢᠨᠢ ᠣᠨ ᠤ ᠭᠦᠷᠳᠤ ᠳᠠᠭᠵᠢᠰᠭᠢᠵᠤ
ᠰᠦᠮᠪᠦᠷ ᠬᠠᠢ᠌ᠷᠬᠠᠤᠨ ᠴᠢᠨᠤ ᠣᠯᠤᠨ ᠳᠤᠤᠷ᠎ᠠ ᠪᠦᠭᠦᠢᠰᠭᠢᠨᠡ ᠁
ᠳᠠᠢ᠌ᠮᠤ ᠡ᠂ ᠴᠢᠨ᠋ᠸ᠎ᠠ ᠶᠢᠨ ᠮᠦᠷ ᠳᠡᠦᠭᠡ ᠶᠢᠨ ᠳᠠᠮᠠᠭ᠎ᠠ ᠪᠣᠯᠤᠨ ᠦᠯᠠᠳᠠᠪᠠᠢ᠂
ᠳᠡᠭ᠍ᠷᠢ ᠶᠢᠨ ᠬᠠᠶᠠᠭ᠎ᠠ ᠶᠢ ᠬᠠᠷᠠᠵᠤ᠂
ᠠᠭᠤᠯᠠᠨ ᠦᠨᠳᠦᠷ ᠲᠤ ᠰᠡᠭᠦᠢᠭᠦ ᠴᠢᠨᠤ ᠰᠦᠷ
ᠳᠠᠮᠤᠷ ᠰᠤᠮᠤᠨ ᠡᠴᠡ ᠭᠢᠴᠢᠶᠠᠮᠵᠢᠯᠠᠵᠤ᠂
ᠠᠯᠬᠤᠭ᠎ᠠ ᠰᠤᠯᠳᠠᠭᠰᠠᠨ ᠴᠢᠨᠤ ᠰᠤᠷᠭᠠᠭ᠂
ᠳᠡᠩᠭᠡᠯᠢᠭ᠌ ᠤᠨ ᠵᠠᠶᠠᠭᠠᠨ ᠳᠤ ᠴᠢ ᠵᠤᠷᠢᠭ ᠲᠡᠶ ᠳᠠᠭᠠᠨ ᠰᠥᠰᠦᠭᠯᠡᠵᠤ᠂
ᠵᠤᠪᠠᠯᠠᠩ ᠳᠤ ᠰᠥᠭᠦᠷᠡᠭ᠍ᠰᠡᠨ ᠥᠭᠡᠢ
ᠳᠡᠦᠭᠡ ᠶᠢᠨ ᠣᠷᠪᠠᠭᠠᠨ ᠳᠤ ᠴᠢ ᠰᠢᠷᠬᠠᠳᠤᠵᠤ ᠨᠢᠭᠡ ᠣᠨᠠᠯ᠎ᠠ᠂
ᠰᠢᠭᠤᠤᠠᠴᠤ ᠪᠠᠰᠠ ᠭᠠᠷᠤᠯ᠎ᠠ ᠁
ᠳᠠᠢ᠌ᠮᠤ ᠡ᠂ ᠴᠢᠨ᠋ᠸ᠎ᠠ ᠶᠢᠨ ᠳᠡᠭ᠍ᠷᠢ ᠬᠠᠳᠠᠭᠤ ᠴᠤ ᠵᠠᠶᠠᠭᠠᠨ ᠳᠠᠭᠠᠨ ᠦᠨᠡᠠᠴᠢ᠂
ᠬᠤᠨᠢᠳ ᠤᠨ ᠭᠡᠳᠦᠯᠦᠭ᠍ᠰᠡᠨ ᠣᠰᠤ ᠳᠤᠯᠢᠶᠠᠭᠰᠠᠨ ᠴᠤ᠂
ᠬᠤᠭᠢᠮᠠᠯ ᠳᠤᠯᠤᠭᠠᠢ᠌ᠳᠠᠨ ᠢ ᠰᠢᠳᠦᠭᠡ ᠥᠭᠡᠢ
ᠦᠪᠡᠷ ᠤᠨ ᠭᠠᠷ ᠶᠢᠡᠨ ᠵᠠᠵᠠᠯᠵᠤ ᠠᠮᠢ ᠭᠠᠷᠤᠭᠰᠠᠨ ᠴᠤ᠂
ᠥᠭᠦᠯ ᠤᠨ ᠮᠥᠩᠭᠡᠷᠡᠯ ᠭᠦᠰᠡᠭᠡ ᠥᠭᠡᠢ
ᠦᠨᠦᠴᠢᠨ ᠵᠤᠪᠠᠯᠠᠩ᠂ ᠥᠯᠦᠰᠭᠦᠯᠡᠩ ᠭᠠᠴᠢᠭᠳᠠᠯ ᠶᠢᠡᠷ ᠳᠣᠢ᠌ᠯᠳᠠᠭᠰᠠᠨ ᠴᠤ
ᠬᠠᠨ ᠳᠡᠭ᠍ᠷᠢ ᠶᠢᠨ ᠡᠯᠴᠢᠨ
ᠬᠠᠷᠭᠢᠰ ᠭᠡᠷᠴᠡᠭᠡᠢ ᠬᠠᠷ᠎ᠠ ᠨᠠᠷᠠ ᠵᠡᠭᠦᠭ᠍ᠰᠡᠨ ᠴᠤ᠂
ᠬᠠᠳᠠᠭᠤ ᠵᠤᠷᠢᠭ ᠤᠨ ᠣᠮᠤᠭᠰᠢᠯ ᠁
ᠳᠠᠢ᠌ᠮᠤ ᠡ᠂ ᠴᠢᠨ᠋ᠸ᠎ᠠ ᠶᠢᠨ ᠳᠦᠷᠪᠡᠨ ᠮᠦᠴᠡ᠂
ᠳᠠᠮᠤᠷ ᠭᠦᠷᠳᠤ ᠶᠢ ᠳᠡᠢ᠌ᠯᠡᠭᠦᠶᠡ ᠪᠠᠷᠭᠡ᠂
ᠬᠠᠷᠠᠩᠭ᠋ᠤᠢ ᠶᠢ ᠰᠢᠪᠳᠤᠯᠤᠭᠰᠠᠨ ᠭᠢᠯᠪᠠᠭᠡᠨ ᠭᠡᠷᠡᠯ᠂
ᠰᠤᠷ ᠶᠢᠡᠷ ᠴᠢᠨᠢ ᠪᠣᠰᠤᠭᠰᠠᠨ ᠳᠤᠭᠤᠰᠤ ᠪᠣᠯᠤᠨ ᠪᠣᠳᠠᠷᠠᠬᠤ ᠳ᠋ᠤ
ᠬᠠᠷᠠᠮᠰᠠᠯ ᠤᠨ ᠰᠡᠭᠦᠷᠡᠰᠤ ᠲᠡᠶ ᠣᠯᠢᠯᠳᠠ ᠴᠤ
ᠳᠠᠮᠤᠷ ᠳᠤᠤᠷ ᠤᠨ ᠳᠤᠳᠤᠷ᠎ᠠ ᠡᠴᠡ ᠨᠢᠯᠪᠣᠰᠤ ᠪᠣᠯᠤᠨ ᠠᠯᠳᠠᠷᠠᠨ᠎ᠠ
ᠴᠢᠯᠡᠭ᠍ᠰᠡᠨ ᠭᠦᠯ ᠤᠨ ᠠᠯᠬᠤᠭ᠎ᠠ ᠶᠢ ᠠᠷᠭᠠᠴᠠᠵᠤ᠂
ᠴᠢᠨᠦᠷᠡᠭ᠍ᠰᠡᠨ ᠳᠠᠯ᠎ᠠ ᠪᠠᠷ ᠠᠮᠢᠳᠤ ᠶᠢᠨ ᠡᠷᠢᠯ ᠶᠢᠡᠷ ᠡᠷᠭᠢᠴᠡᠭᠦ ᠳ᠋ᠤ
ᠴᠢᠨ᠋ᠸ᠎ᠠ ᠶᠢᠨ ᠳᠡᠭ᠍ᠷᠢ ᠳᠠᠩᠴᠤ ᠭᠡᠴᠡᠭᠦᠤ ᠶᠤᠮ ᠦᠦ᠂
ᠴᠢᠨ᠋ᠸ᠎ᠠ ᠶᠢ ᠰᠢᠳᠦᠭ᠍ᠰᠡᠨ ᠮᠢᠨᠤ ᠰᠡᠳᠭᠢᠯ ᠳᠠᠩᠴᠤ ᠵᠡᠷᠯᠢᠭ᠌ ᠶᠤᠮ ᠦᠦ᠁
ᠲᠦᠪ ᠤᠨ ᠦᠨᠳᠦᠰᠦᠳᠠᠨ ᠤ ᠶᠡᠭᠡ ᠰᠤᠷᠭᠠᠭᠤᠯᠢ
ᠬᠠᠶᠠᠭ᠄ 〈burjken_naqin@yahoo.com.cn〉
ᠵᠤᠬᠢᠶᠠᠭᠴᠢ᠄ ᠪᠣᠷᠵᠢᠭᠢᠨ·ᠨᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2724
ᠴᠠᠭ᠄ 2009 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ