ᠨᠡᠪᠲᠡᠷᠡᠨ ᠤᠷᠤᠬᠤ
ᠭᠠᠢ᠌ᠬᠠᠮᠰᠢᠭᠳᠤ ᠮᠤᠩᠭ᠋ᠤᠯ ᠭᠡᠯᠡ
᠊᠊᠊᠊᠊᠊᠊᠊᠊᠊᠊᠊᠊᠊᠊ 《6.1》 ᠳᠡᠯᠡᠭᠡᠢ ᠶᠢᠨ ᠬᠡᠦᠬᠡᠳ ᠤᠨ ᠪᠠᠶᠠᠷ ᠲᠤ ᠵᠤᠷᠢᠭᠤᠯᠪᠠ᠃

ᠴᠡᠯᠮᠡᠭ᠌᠂ ᠪᠠᠶᠠᠷᠯᠠᠬᠤ ᠳᠠᠭᠠᠨ ᠮᠠᠭᠤ ᠪᠣᠷᠤ ᠭᠦᠷᠮ᠎ᠡ ᠱᠠᠯᠪᠣᠷ ᠲᠠᠭᠠᠨ ᠪᠠᠭᠳᠠᠵᠤ ᠴᠢᠳᠠᠭᠰᠠᠨ ᠦᠭᠡᠶ᠃ ᠳᠠᠷᠠ᠂ ᠦᠨᠦᠳᠤᠷ ᠤᠨ ᠭᠤᠷᠪᠠᠳᠤᠭᠠᠷ ᠴᠠᠭ ᠲᠤ᠂ ᠭᠤᠠᠴᠤᠭ ᠪᠠᠭᠰᠢ ᠶᠢᠨ ᠵᠢᠭᠠᠭᠰᠠᠨ 《ᠮᠤᠩᠭ᠋ᠤᠯ ᠭᠡᠯᠡ ᠪᠢᠴᠢᠭ᠌》 ᠊ᠤᠨ ᠭᠢᠴᠢᠶᠠᠯ ᠡᠴᠠ ᠶᠡᠭᠡᠭᠡᠨ ᠰᠡᠩᠭᠡᠭᠡᠷᠡᠯ ᠣᠯᠤᠭᠰᠠᠨ ᠶᠢᠡᠨ ᠠᠪᠣ ᠡᠵᠢ ᠳᠡᠭᠡᠨ ᠠᠮᠠ ᠪᠠᠷᠳᠠᠮ ᠭᠡᠯᠡᠭᠦ ᠪᠠᠷ ᠠᠳᠭᠠᠨ ᠰᠢ᠌ᠳᠭᠡᠨ ᠬᠠᠷᠢᠵᠤ ᠶᠠᠪᠣᠨ᠎ᠠ᠃ ᠳᠡᠭᠦᠨ ᠤ ᠭᠦᠯ ᠭᠠᠷ ᠨᠢ ᠭᠦᠭ᠌ ᠲᠡᠶ ᠶᠤᠮ ᠰᠢᠭ ᠭᠦᠩᠭᠡᠷᠡᠵᠤ᠂ ᠭᠦᠪᠦᠩ ᠣᠩᠭ᠋ᠠᠷᠠᠯ ᠰᠢᠭ ᠳᠡᠭ᠍ᠳᠡᠨ ᠶᠠᠪᠣᠴᠢᠬᠠᠮᠠᠷ ᠪᠣᠯᠤᠨ᠎ᠠ᠃ ᠴᠡᠯᠮᠡᠭ᠌᠂ ᠶᠠᠷᠤ ᠶᠢᠨ ᠴᠠᠭ ᠲᠠᠭᠠᠨ ᠪᠠᠶᠠᠷᠯᠠᠵᠤ ᠪᠠᠢ᠌ᠭᠰᠠᠨ᠂ ᠭᠡᠳᠡᠯ᠎ᠡ ᠦᠨᠦᠳᠤᠷ ᠰᠢᠭ᠌ ᠢᠩᠭᠢᠳᠠᠯ᠎ᠠ ᠪᠠᠨ ᠪᠠᠶᠠᠷᠯᠠᠭᠰᠠᠨ ᠣᠳᠠᠭ᠎ᠠ ᠳᠤᠩ ᠬᠤᠪᠣᠷᠬᠠᠨ︕

ᠲ᠋ᠠᠷᠠ ᠵᠠᠮ ᠳᠠᠭᠠᠨ ᠳᠠᠭᠤᠴᠢᠨ ᠳᠡᠭ᠍ᠷᠢ ᠶᠢᠨ 《ᠪᠢ ᠪᠣᠯ ᠮᠤᠩᠭ᠋ᠤᠯ ᠭᠦᠮᠤᠨ》 ᠭᠡᠰᠡᠨ ᠳᠠᠭᠤᠤ ᠶᠢ ᠬᠤᠭᠤᠯᠠᠢ ᠶᠢᠨ ᠴᠢᠨᠡᠭᠡ ᠪᠠᠷ ᠬᠠᠩᠭᠢᠨᠠᠭᠤᠯᠤᠨ ᠳᠠᠭᠤᠯᠠᠨ᠎ᠠ᠃ ᠵᠠᠷᠢᠮ ᠳᠠᠭᠠᠨ ᠭᠠᠷ ᠲᠠᠭᠠᠨ ᠮᠢᠺᠷᠤᠹᠤᠨ ᠪᠠᠷᠢᠭᠰᠠᠨ ᠪᠠᠢ᠌ᠳᠠᠯ ᠭᠠᠷᠭᠠᠵᠤ᠂ ᠵᠠᠷᠢᠮ ᠳᠠᠭᠠᠨ ᠳᠡᠭ᠍ᠷᠢ ᠶᠢᠨ ᠳᠦᠷᠢ ᠪᠠᠢ᠌ᠳᠠᠯ᠂ ᠣᠢ᠌ᠯᠠ ᠭᠦᠳᠡᠯᠭᠡᠭᠡ ᠶᠢ ᠳᠠᠭᠤᠷᠢᠶᠠᠨ᠎ᠠ᠂ 《ᠪᠠᠶᠠᠷᠯᠠᠭᠰᠠᠨ ᠭᠡᠷᠢᠶ᠎ᠡ ᠪᠠᠷᠭᠢᠷᠠᠭ᠎ᠠ》 ᠭᠡᠭ᠍ᠴᠢ ᠨᠢ ᠡᠨᠡ ᠡ︕

ᠴᠡᠯᠮᠡᠭ᠌ ᠡᠨᠡ ᠵᠢᠯ ᠠᠷᠪᠠᠨ ᠭᠤᠷᠪᠠᠨ ᠨᠠᠰᠤᠳᠠᠢ᠂ ᠮᠠᠯᠴᠢᠨ ᠠᠷᠠᠪᠳᠠᠨ ᠤ ᠠᠮᠢᠨ ᠭᠠᠭᠴᠠ ᠳᠠᠷᠨᠢ᠃

ᠠᠷᠠᠪᠳᠠᠨ᠂ ᠭᠦᠤ ᠴᠡᠯᠮᠡᠭ᠌ ᠶᠢᠡᠨ ᠲᠤᠢ᠌ᠯ ᠤᠨ ᠡᠩᠭᠡᠷ ᠥᠵᠡᠳᠡᠭ᠌᠃ ᠴᠤᠬᠤᠮ 《ᠠᠯᠠᠭᠠᠨ ᠳᠠᠭᠠᠨ ᠳᠠᠯᠪᠢᠪᠠᠯ ᠪᠦᠮᠪᠦᠷᠢᠮᠡᠷ᠂ ᠠᠮᠠᠨ ᠳᠠᠭᠠᠨ ᠭᠢᠪᠠᠯ ᠬᠠᠢ᠌ᠯᠤᠮᠠᠷ》 ᠪᠣᠯᠳᠠᠭ᠃ ᠭᠡᠳᠡᠯ᠎ᠡ᠂ ᠠᠷᠠᠪᠳᠠᠨ ᠭᠠᠭᠴᠠ ᠭᠦᠤ ᠪᠠᠨ ᠡᠷᠭᠡ ᠵᠠᠯᠵᠢᠩ ᠥᠰᠭᠡᠭ᠍ᠰᠡᠨ ᠦᠭᠡᠶ᠃ 《ᠠᠪᠣᠨ᠎ᠠ ᠢᠳᠠᠨ᠎ᠡ》 ᠭᠡᠰᠡᠨ ᠳᠠᠯ᠎ᠠ ᠳ᠋ᠤᠨᠢ ᠠᠮᠠᠭᠠᠢ ᠵᠢᠯᠤᠭᠤ ᠶᠢ ᠨᠢ ᠰᠤᠯᠠ ᠳᠠᠯᠪᠢᠭᠰᠠᠨ ᠦᠭᠡᠶ᠃ ᠥᠭᠡ ᠲᠡᠶ ᠨᠤᠮ ᠲᠡᠶ ᠡᠷᠳᠡᠮ ᠲᠡᠶ ᠰᠤᠶᠤᠯ ᠲᠡᠶ ᠭᠦᠮᠤᠨ ᠪᠣᠯᠬᠤ ᠳᠠᠯ᠎ᠠ ᠶᠢᠨ ᠭᠦᠮᠦᠵᠢᠯ ᠪᠣᠯᠪᠠᠰᠤᠷᠠᠯ ᠢ ᠨᠢ ᠴᠢᠳᠠᠬᠤ ᠭᠢᠷᠢ ᠪᠠᠷ ᠭᠢᠵᠤ ᠢᠷᠡᠭ᠍ᠰᠡᠨ ᠪᠢᠯᠠ᠃ ᠴᠡᠯᠮᠡᠭ᠌ ᠴᠤ ᠠᠪᠣ ᠶᠢᠨ ᠠᠮᠠᠨ ᠤ ᠯᠠᠩᠭ᠋ᠠᠢ ᠢ ᠪᠣᠷᠬᠠᠨ ᠤ ᠵᠠᠷᠯᠢᠭ ᠰᠢᠭ ᠪᠣᠳᠤᠵᠤ᠂ ᠠᠰᠬᠠᠨ ᠪᠣᠯᠭᠠᠨ ᠶᠠᠷᠢᠳᠠᠭ ᠠᠷᠠᠤᠨ ᠤᠨ ᠠᠮᠠᠨ ᠥᠯᠢᠭᠡᠷ ᠢ ᠨᠢ ᠠᠯᠳᠠᠨ ᠡᠴᠠ ᠦᠨᠡᠳᠠᠢ ᠪᠠᠷ ᠰᠠᠳᠭᠢᠵᠤ ᠶᠠᠪᠣᠳᠠᠭ ᠪᠢᠯᠠ᠃ ᠁

ᠠᠷᠠᠪᠳᠠᠨ ᠤ ᠭᠢᠨ ᠭᠡᠵᠤ ᠶᠤᠰᠤᠳᠠᠢ ᠪᠦᠯᠢ ᠴᠥᠭᠡᠨ᠂ ᠨᠤᠳᠤᠭ ᠤᠨ ᠳᠤᠳᠤᠷ᠎ᠠ ᠪᠠᠨ ᠨᠠᠯᠢᠶᠠᠤᠨ ᠴᠢᠨᠡᠭᠡᠯᠢᠭ᠌ ᠠᠮᠢᠳᠤᠷᠠᠯ ᠲᠡᠶ ᠳᠠᠭᠠᠨ ᠣᠷᠤᠳᠠᠭ ᠠᠢ᠌ᠯ ᠤᠨ ᠨᠢᠭᠡ᠃ ᠠᠷᠠᠪᠳᠠᠨ ᠠᠷᠪᠠ ᠠᠩᠭᠢ ᠪᠠᠨ ᠠᠶᠠᠳᠠᠢ ᠳᠡᠭᠦᠰᠭᠡᠭ᠍ᠰᠡᠨ ᠪᠣᠯᠪᠠᠴᠤ᠂ ᠠᠪᠣ ᠨᠢ 《ᠭᠠᠷ ᠳᠠᠳᠠᠭᠤ᠂ ᠭᠠᠠᠵᠤᠭ᠎ᠠ ᠠᠬᠠᠷ》 ᠪᠣᠯᠤᠭᠰᠠᠨ ᠡᠴᠠ ᠵᠠᠯᠭᠠᠵᠤ ᠶᠡᠭᠡ ᠰᠤᠷᠭᠠᠭᠤᠯᠢ ᠳᠤ ᠰᠢᠯᠭᠠᠯᠳᠠ ᠦᠭ‍ᠭᠦᠭ᠍ᠰᠡᠨ ᠦᠭᠡᠶ᠂ ᠨᠤᠳᠤᠭ ᠲᠠᠭᠠᠨ ᠬᠠᠷᠢᠵᠤ᠂ ᠰᠤᠶᠤᠯ ᠲᠡᠶ ᠮᠠᠯᠴᠢᠨ ᠪᠣᠯᠤᠭᠰᠠᠨ ᠰᠡᠭᠡᠭᠡᠳᠡᠨ ᠵᠠᠯᠠᠭᠤᠰ ᠤᠨ ᠥᠵᠦᠭᠦᠷ ᠨᠢ᠃ ᠳᠠᠷᠠ ᠵᠢᠯ ᠪᠦᠷᠢ 《ᠰᠢᠠᠵᠢᠶᠠᠩ ᠤᠨ ᠡᠳᠦᠷ ᠤᠨ ᠰᠤᠨᠢᠨ》᠂ 《ᠦᠷ ᠤᠨ ᠴᠤᠯᠮᠤᠨ》 ᠰᠡᠳᠭᠦᠯ ᠠᠯᠳᠠᠯ ᠦᠭᠡᠶ ᠵᠠᠭᠢᠶᠠᠯᠠᠳᠠᠭ ᠨᠤᠮ ᠤᠨ ᠬᠤᠷᠤᠬᠠᠢ᠃ ᠬᠠᠶᠠ ᠬᠤᠶᠠ ᠰᠢᠯᠦᠭ᠌ ᠮᠥᠯᠦᠭ᠌ ᠡᠷᠢᠶᠡᠯᠴᠢᠭᠡᠳᠡᠭ᠌ ᠮᠠᠯᠴᠢᠨ ᠵᠤᠬᠢᠶᠠᠯᠴᠢ᠃ ᠁

ᠠᠷᠠᠪᠳᠠᠨ ᠮᠠᠯ ᠤᠨ ᠬᠠᠰᠢᠶ᠎ᠠ ᠪᠠᠨ ᠠᠬᠤᠯᠵᠤ ᠴᠠᠪᠠᠷᠯᠠᠵᠤ ᠪᠣᠯᠤᠭᠠᠤᠨ᠂ ᠭᠡᠷ ᠲᠡᠭᠡᠨ ᠣᠷᠤᠵᠤ ᠪᠦᠰᠡᠭᠦᠢ ᠳᠡᠭᠡᠨ ᠬᠠᠪᠰᠤᠷᠴᠤ ᠠᠷᠬᠠᠤᠨ ᠲᠡᠶ ᠪᠦᠯᠢᠭ᠍ᠰᠡᠨ ᠠᠢ᠌ᠷᠠᠭ ᠢ ᠨᠢ ᠶ‍ᠢᠰᠤᠨ ᠳᠠᠮᠠᠭ᠎ᠠ ᠲᠡᠶ ᠬᠠᠢ᠌ᠰᠤᠨ ᠳᠤ ᠭᠢᠯᠴᠡᠭᠦ ᠪᠠᠷ ᠶᠠᠭᠠᠷᠠᠨ᠎ᠠ᠃ ᠪᠦᠰᠡᠭᠦᠢ ᠪᠣᠷᠮ᠎ᠠ ᠨᠢ ᠪᠦᠷᠭᠡᠰᠤ ᠲᠡᠶ ᠠᠩ᠌ᠷᠠᠭ ᠤᠨ ᠪᠦᠯᠢᠭ᠍ᠰᠡᠨ ᠳᠤᠰᠤ ᠶᠢ ᠨᠢ ᠬᠠᠯᠭᠠᠵᠤ ᠠᠪᠬᠤ ᠪᠠᠷ ᠰᠢᠨᠠᠭ᠎ᠠ ᠱᠥᠭᠦᠭᠡᠯ ᠶᠢᠡᠷ ᠬᠤᠤᠠᠬᠤᠵᠤ ᠮᠤᠩᠭᠢᠨᠠᠨ᠎ᠠ᠃ ᠠᠷᠠᠪᠳᠠᠨ ᠳᠤᠳᠤᠷ᠎ᠠ ᠪᠠᠨ ᠦᠨᠦᠳᠤᠷ ᠴᠤ ᠠᠩᠭᠢᠯᠤᠮ᠎ᠠ ᠦᠨᠦᠷᠳᠠᠢ ᠰᠠᠭᠠᠯᠢ ᠶᠢᠨ ᠠᠷᠢᠭᠢ ᠶᠢ ᠠᠮᠳᠠᠯᠠᠳᠠᠭ ᠪᠣᠯᠪᠠ (ᠲ᠋ᠠᠷᠠ ᠶᠠᠷᠤ ᠶᠢᠨ ᠴᠠᠭ ᠲᠤ ᠠᠷᠢᠭᠢ ᠣᠤᠭᠤᠳᠠᠭ ᠵᠠᠩᠰᠢᠯ ᠦᠭᠡᠶ᠃) ᠭᠡᠵᠤ ᠠᠮᠠ ᠪᠠᠨ ᠳᠠᠮᠰᠢᠶᠠᠵᠤ᠂ ᠰᠢᠯᠤᠰᠤ ᠪᠠᠨ ᠭᠦᠤᠨ ᠭᠦᠤᠨ ᠵᠠᠯᠭᠢᠨ᠎ᠠ᠃

ᠴᠡᠯᠮᠡᠭ᠌ ᠱᠤᠷᠲ᠋ ᠭᠡᠳᠡᠯ᠎ᠡ ᠣᠷᠤᠵᠤ ᠢᠷᠡᠭᠡᠳ ᠬᠠᠶ‍ᠢ ᠬᠤᠶ‍ᠢ ᠭᠡᠳᠡᠯ᠎ᠡ ᠪᠣᠭᠴᠠ ᠪᠠᠨ ᠳᠠᠷ᠎ᠠ ᠶᠢᠨ ᠱᠥᠭᠦᠢ ᠳᠤ ᠡᠯᠭᠦᠵᠤ᠂ ᠡᠵᠢ ᠶᠢᠨ ᠭᠠᠷ ᠡᠴᠠ ᠰᠢᠨᠡᠭᠡᠨ ᠪᠦᠯᠢᠭ᠍ᠰᠡᠨ ᠰᠢᠷ᠎ᠠ ᠳᠤᠰᠤ ᠶᠢ ᠰᠢᠷᠲ᠋ ᠰᠢᠷᠲ᠋ ᠳᠤᠯᠢᠶᠠᠵᠤ ᠢᠳᠠᠨ᠎ᠡ᠃

ᠡᠵᠢ ᠪᠣᠷᠮ᠎ᠠ ᠨᠢ᠄ 《ᠴᠡᠯᠮᠡᠭ᠌ ᠡ᠂ ᠦᠯᠦᠰᠤᠪᠴᠢ᠂ ᠰᠢᠯᠤᠭᠤᠨ ᠴᠠᠢ ᠪᠠᠨ ᠣᠤᠭᠤ︕ ᠡᠵᠢ ᠨᠢ ᠣᠳᠤ ᠡᠭᠡᠳᠡᠮᠡᠭ᠌ ᠭᠠᠷᠭᠠᠵᠤ ᠦᠭ‍ᠭᠦᠶ᠎ᠡ᠂ ᠬᠣᠢ᠌ᠷᠮᠠᠭ ᠵᠤᠭᠤᠷᠴᠤ ᠦᠭ‍ᠭᠦᠶ᠎ᠡ︕》 ᠭᠡᠵᠤ ᠭᠦᠤ ᠪᠠᠨ ᠥᠭᠦᠭᠡᠷᠳᠡᠨ᠎ᠡ᠃

ᠴᠡᠯᠮᠡᠭ᠌᠄ 《ᠡᠵᠢ ᠡ᠂ ᠪᠢ ᠴᠠᠢ ᠪᠠᠨ ᠣᠤᠭᠤᠭᠠᠤᠨ ᠪᠣᠯᠴᠢᠬᠠᠭᠠᠤᠨ᠂ ᠬᠤᠷᠭ᠎ᠠ ᠢᠰᠢᠭᠡ ᠪᠠᠨ ᠬᠠᠷᠢᠭᠤᠯᠤᠶ᠎ᠠ︕》 ᠭᠡᠵᠤ ᠳᠤᠷᠭᠠᠢ ᠰᠢᠭ ᠵᠢᠷᠵᠢᠩᠨᠠᠨ ᠭᠤᠶ᠎ᠠ ᠪᠠᠨ ᠠᠯᠠᠭᠠᠳᠠᠨ᠎ᠠ᠃

ᠠᠷᠠᠪᠳᠠᠨ᠄ 《ᠣᠶ‍ᠢ︕ ᠶᠠᠭᠤᠨ ᠳᠤ ᠠᠳᠭᠠᠵᠤ ᠪᠠᠢ᠌ᠨᠠᠴᠢ᠂ ᠳᠠᠢ᠌ᠨ ᠭᠦᠭᠡᠭᠡᠵᠤ ᠪᠠᠢ᠌ᠨᠠᠤ︖》 ᠭᠡᠵᠤ ᠴᠢᠩᠭ᠎ᠠ ᠭᠡᠯᠡᠨ᠎ᠡ᠃

ᠴᠡᠯᠮᠡᠭ᠌᠄ 《ᠠᠳᠠᠢ ᠠᠪᠠᠢ ᠮᠢᠨᠢ᠂ ᠨᠠᠭᠠᠷᠤ ᠪᠠᠨ ᠬᠠᠯᠢᠶᠠᠵᠤ ᠪᠠᠢ᠂ ᠦᠨᠦᠳᠤᠷ ᠮᠠᠨ ᠤ ᠭᠤ᠋ ᠪᠠᠭᠰᠢ ᠮᠤᠩᠭ᠋ᠤᠯ ᠭᠡᠯᠡᠨ ᠤ ᠭᠢᠴᠢᠶᠠᠯ ᠢ ᠣᠯᠠᠨ ᠵᠠᠭᠤᠴᠢᠳᠤ ᠭᠢᠴᠢᠶᠡᠯᠯᠡᠭᠡ (ᠳ᠋ᠤᠤ ᠮᠢᠶ‍ᠢ ᠳᠢ) ᠪᠠᠷ ᠣᠷᠤᠭᠰᠠᠨ᠂ ᠥᠨᠡᠭᠡᠷ ᠰᠠᠢ᠌ᠨ᠂ ᠥᠨᠡᠭᠡᠷ ᠰᠠᠢ᠌ᠨ︕》 ᠭᠡᠵᠤ ᠥᠭᠡ ᠪᠠᠨ ᠭᠡᠯᠡᠵᠤ ᠭᠠᠷᠭᠠᠵᠤ ᠴᠢᠳᠠᠯ ᠦᠭᠡᠶ ᠢᠠᠴᠠᠭᠯᠠᠨ᠎ᠠ᠃

ᠠᠷᠠᠪᠳᠠᠨ᠄ 《ᠦᠨᠦᠷ ᠮᠢᠨᠢ᠂ ᠳᠠᠨᠤᠷ ᠮᠢᠨᠢ︕ ᠶᠠᠭᠠᠭᠢᠵᠤ ᠶᠠᠭᠠᠭᠢᠵᠤ ᠣᠷᠤᠪᠠ᠃》 ᠭᠡᠵᠤ ᠬᠠᠷᠢᠭᠤ ᠰᠤᠷᠠᠨ᠎ᠠ᠃

ᠪᠦᠰᠡᠭᠦᠢ ᠪᠣᠷᠮ᠎ᠠ ᠨᠢ ᠳᠠᠠᠳᠠ ᠡᠴᠠ ᠥᠭᠡ ᠡᠯᠭᠦᠵᠤ ᠠᠪᠣᠭᠠᠤᠨ᠄ 《ᠡ᠂ ᠳᠡᠨᠡᠭ᠌ ᠮᠢᠨᠢ︕ ᠪᠢᠳᠠᠨ ᠤ ᠴᠠᠭ ᠬᠤᠴᠤᠷᠪᠠ ᠯᠠ︕ ᠠᠭᠠᠵᠢ᠂ ᠴᠢ ᠡᠰᠡ ᠮᠠᠳᠠᠨ ᠴᠢ᠂ ᠳᠠᠷᠠ ᠳ᠋ᠤᠤ ᠮᠢᠶ‍ᠢ ᠳᠢ᠂ ᠺᠤᠮᠫᠢᠦ᠋ᠲ᠋ᠧᠷ ᠪᠠᠢ᠌ᠳᠤᠭᠠᠢ᠂ ᠡᠮᠤᠨ᠎ᠡ ᠪᠠᠨ ᠳᠠᠯᠪᠢᠳᠠᠭ ᠰᠢᠷᠡᠭᠡ ᠦᠭᠡᠶ ᠣᠩᠰᠢᠯᠠᠪᠳᠤᠨ ᠡᠰᠡ ᠦᠦ︖》 ᠭᠡᠵᠤ ᠭᠤᠮᠤᠳᠠᠯ ᠲᠡᠶ ᠰᠡᠭᠦᠷᠡᠰᠦᠯᠡᠨ᠎ᠡ᠃

ᠠᠷᠠᠪᠳᠠᠨ᠄ 《ᠪᠢᠳᠡᠭᠡᠢ ᠬᠤᠴᠠᠭᠠᠤᠨ ᠪᠠᠢ ᠵᠸᠤ︕ ᠳᠠᠷᠠ ᠴᠢᠨᠢ ᠶᠠᠳᠠᠭᠤ ᠬᠤᠴᠤᠷᠤᠩᠭ᠋ᠤᠢ ᠴᠠᠭ᠂ ᠪᠣᠤᠵᠠᠢ ᠮᠢᠨᠢ (ᠡᠩᠭᠦᠷᠡᠢ᠌ᠯᠡᠨ ᠬᠠᠷᠠᠵᠤ) ᠡᠨᠡ ᠴᠢᠨᠢ ᠣᠳᠤ ᠶᠢᠨ ᠬᠡᠦᠬᠡᠳ᠂ ᠬᠤᠷᠢᠨ ᠨᠢᠭᠡᠳᠦᠭᠡᠷ ᠵᠠᠭᠤᠨ ᠤ ᠭᠢᠨ᠂ ᠨᠥᠭᠦᠴᠡᠯ ᠨᠢ ᠰᠠᠢ᠌ᠨ ᠪᠣᠯᠤᠯ ᠦᠭᠡᠶ᠂ ᠭᠦᠭᠡᠷᠦᠭᠦᠰ ᠮᠢᠨᠢ᠂ ᠭᠡᠰᠢᠭ᠌ ᠲᠡᠶ ᠯᠠ ᠭᠦᠮᠦᠰ᠂ ᠨᠠᠮ ᠵᠠᠰᠠᠭ ᠤᠨ ᠪᠣᠶᠠᠨ ᠳᠤ ᠵᠠᠯᠪᠢᠷᠠᠶ᠎ᠠ︕》 ᠭᠡᠵᠤ ᠨᠠᠮᠴᠢᠯᠠᠨ᠎ᠠ᠃

ᠴᠡᠯᠮᠡᠭ᠌ ᠱᠠᠷᠲ᠋ ᠭᠡᠳᠡᠯ᠎ᠡ ᠨᠢᠰᠤ ᠪᠠᠨ ᠨᠢ᠌ᠭᠡᠭᠡᠳ᠂ ᠬᠠᠮᠠᠷ ᠶᠢᠡᠨ ᠳᠤᠷᠭᠠᠨ ᠴᠠᠭᠠᠰᠤ ᠪᠠᠷ ᠠᠷᠴᠢᠨ ᠴᠡᠪᠠᠷᠯᠡᠭᠡᠳ᠂ ᠴᠠᠩ ᠴᠠᠩ ᠭᠡᠵᠤ ᠳᠤᠤᠭᠠᠷᠠᠭᠠᠤᠨ ᠄ 《ᠠᠪᠣ ᠡ ᠡᠵᠢ ᠡ︕ ᠭᠤᠠᠴᠤᠭ ᠪᠠᠭᠰᠢ᠂ ᠮᠤᠩᠭ᠋ᠤᠯ ᠥᠭᠡ ᠭᠡᠯᠡ ᠭᠤᠷᠪᠠᠨ ᠳᠠᠪᠠᠭᠤᠯᠢᠭ ᠳᠠᠯ᠎ᠠ ᠲᠡᠶ ᠭᠡᠪᠡ᠄ ᠨᠢᠭᠡ᠂ ᠨᠢᠭᠡ (ᠭᠡᠵᠤ ᠨᠢᠳᠤ ᠪᠠᠨ ᠴᠠᠪᠴᠢᠨ) ᠭᠠᠷ ᠤᠨ ᠬᠤᠷᠤᠭᠤ ᠪᠠᠨ ᠳᠠᠷᠤᠵᠤ᠂ ᠮᠤᠩᠭ᠋ᠤᠯ ᠭᠡᠯᠡ ᠠᠪᠢᠶ᠎ᠠ ᠶᠢᠨ ᠥᠰᠦᠭ᠌ ᠣᠴᠢᠷ ᠡᠴᠠ ᠠᠪᠢᠶᠠᠨ ᠤ ᠳᠠᠯ᠎ᠠ ᠶᠢᠨ ᠳᠠᠪᠠᠭᠤᠯᠢᠭ ᠲᠡᠶ ᠭᠡᠨ᠎ᠡ᠂ ᠳᠤᠯᠤᠭᠠᠨ ᠡᠭᠡᠰᠢᠭ᠌ ᠠᠪᠢᠶ᠎ᠠ ᠲᠡᠶ᠂ ᠬᠠᠷᠢᠨ ᠡᠡᠩᠭ᠍ᠯᠢ ᠭᠡᠯᠡᠨ ᠤ ᠡᠭᠡᠰᠢᠭ᠌ ᠠᠪᠢᠶ᠎ᠠ ᠡᠴᠠ ᠬᠤᠶᠠᠷ ᠡᠭᠡᠰᠢᠭ᠌ ᠠᠪᠢᠶ᠎ᠠ ᠢᠯᠡᠭᠦᠤ᠃》 ᠭᠡᠵᠤ ᠬᠤᠶᠠᠷ ᠬᠤᠷᠤᠭᠤ ᠪᠠᠨ ᠭᠤᠵᠣᠢ᠌ᠯᠭᠠᠨ ᠭᠠᠷ ᠶᠢᠡᠨ ᠳᠡᠭᠡᠷ᠎ᠡ ᠡᠷᠭᠦᠨ ᠳᠠᠩᠰᠢᠨ᠎ᠠ᠃

ᠠᠷᠠᠪᠳᠠᠨ ᠠᠨᠢᠷ ᠦᠭᠡᠶ ᠰᠤᠨᠤᠰᠴᠤ ᠪᠠᠢ᠌ᠭᠰᠠᠨ ᠡᠴᠠ ᠪᠠᠨ ᠳᠤᠯᠤᠭᠠᠢ ᠪᠠᠨ ᠮᠠᠭᠠᠵᠢᠵᠤ ᠬᠠᠭ ᠶᠢᠡᠨ ᠣᠨᠠᠭᠠᠭᠠᠤᠨ ᠶᠠᠩᠯᠤ ᠶᠢᠨ ᠬᠠᠯᠠᠭᠤᠨ ᠭᠠᠯ ᠡᠴᠠ ᠬᠤᠭᠤᠷᠤ ᠴᠤᠬᠤᠷᠠᠭᠠᠤᠨ᠄ 《ᠡᠡᠩᠭ᠍ᠯᠢ ᠭᠡᠯᠡ ᠴᠢᠨᠢ ᠣᠳᠤ ᠳᠡᠯᠡᠭᠡᠢ ᠨᠠᠢ᠌ᠳᠠ ᠶᠢᠨ ᠭᠡᠯᠡ ᠡᠰᠡ ᠦᠦ︖ ᠥᠨᠡᠭᠡᠷ ᠳᠠᠢ᠌ᠮᠤ ᠭᠡᠵᠤ ᠶᠠᠭᠤ︖ ᠫᠠ᠎ ᠫᠠ᠎᠃ ᠬᠠᠷᠢᠨ ᠮᠤᠩᠭ᠋ᠤᠯ ᠭᠡᠯᠡ ᠮᠠᠨᠢ ᠴᠤ ᠠᠷᠪᠠᠨ ᠭᠤᠷᠪᠠᠳᠤᠭᠠᠷ ᠵᠠᠭᠤᠨ ᠳᠤ ᠳᠡᠯᠡᠭᠡᠢ ᠶᠢᠨ ᠭᠡᠯᠡ ᠨᠢ ᠡᠭᠦᠷᠭᠡ ᠭᠦᠢᠴᠡᠳᠭᠡᠵᠤ ᠪᠠᠢ᠌ᠭᠰᠠᠨ ᠭᠡᠵᠤ ᠰᠤᠨᠤᠰᠤᠯᠠᠪ᠃》 ᠭᠡᠵᠤ ᠳᠤᠯᠤᠭᠤᠢ ᠪᠠᠨ ᠵᠠᠢ᠌ᠯᠠᠵᠤ᠂ ᠣᠮᠤᠭᠰᠢᠭᠰᠠᠨ ᠪᠠᠢ᠌ᠳᠠᠯ ᠢᠯᠠᠷᠠᠨ᠎ᠡ᠃

ᠴᠡᠯᠮᠡᠭ᠌᠄ 《ᠬᠤᠶᠠᠳᠤᠭᠠᠷ ᠳᠠᠪᠠᠭᠤᠯᠢᠭ ᠨᠢ (ᠬᠤᠭᠤᠯᠠᠢ ᠪᠠᠨ ᠲᠦᠪ ᠪᠣᠯᠭᠠᠨ ᠪᠠᠭᠰᠢ ᠶᠢᠨ ᠠᠶᠠᠯᠭᠤ ᠶᠢ ᠳᠠᠭᠤᠷᠢᠶᠠᠵᠤ) ᠪᠣᠰᠤᠳ ᠦᠨᠳᠦᠰᠦᠳᠠᠨ ᠤ ᠥᠭᠡ ᠭᠡᠯᠡ ᠶᠢ ᠳᠦᠷᠭᠡᠨ ᠊᠊᠊᠊᠊᠊᠊᠊᠊᠊᠊᠊᠊᠊᠊ ᠰᠤᠷᠴᠤ ᠊᠊᠊᠊᠊᠊᠊᠊᠊᠊᠊᠊᠊᠊᠊ ᠡᠵᠡᠮᠰᠢᠳᠡᠭ᠌᠃》 ᠭᠡᠵᠤ ᠥᠭᠡ ᠪᠠᠨ ᠣᠷᠳᠤ ᠪᠠᠷ ᠳᠠᠳᠤᠨ ᠳᠠᠰᠤᠯᠠᠨ᠎ᠠ᠃

ᠡᠵᠢ ᠪᠣᠷᠮ᠎ᠠ ᠨᠢ᠄ 《ᠣᠷᠴᠢᠮᠬᠠᠨ ᠪᠢ ᠲᠦᠪ ᠤᠨ ᠠᠷᠠᠤᠨ ᠤᠨ ᠷᠠᠳᠢᠤ᠋ ᠡᠴᠠ ᠰᠤᠨᠤᠰᠤᠯᠠᠪ᠂ ᠮᠤᠩᠭ᠋ᠤᠯ ᠣᠯᠤᠰ ᠤᠨ ᠡᠷᠳᠡᠮᠳᠡᠨ ᠪ᠊·ᠷᠠᠠᠴᠢᠨ ᠠᠷᠪᠠᠭᠠᠤᠨ ᠣᠯᠤᠰ ᠤᠨ ᠭᠡᠯᠡ ᠮᠡᠳᠡᠳᠡᠭ᠌ ᠭᠡᠵᠤ᠃》 ᠭᠡᠳ ᠭᠠᠯ ᠤᠨ ᠴᠢᠮᠭᠢᠭᠦᠷ ᠶᠢᠠᠨ ᠪᠠᠷᠢᠵᠤ᠂ ᠭᠠᠯ ᠶᠢᠡᠨ ᠰᠢᠯᠭᠡᠭᠡᠨ᠎ᠡ᠃

ᠠᠷᠠᠪᠳᠠᠨ᠄ 《ᠴᠢ ᠬᠠᠯᠢᠶ᠎ᠠ︕ ᠴᠢᠮᠠᠢ ᠶᠢᠨ ᠭᠡᠦᠭᠡᠨ ᠴᠤ ᠶᠠᠫᠣᠨ ᠣᠯᠤᠰ ᠲᠤ ᠰᠤᠷᠤᠯᠴᠠᠵᠤ ᠡᠰᠡ ᠶᠠᠪᠣᠨᠠᠤ︖》 ᠭᠡᠨ᠎ᠡ᠃

᠁ ᠭᠡᠷ ᠲᠤ ᠪᠣᠴᠠᠯᠤᠭᠰᠠᠨ ᠪᠣᠤᠵᠠ ᠶᠢᠨ ᠦᠨᠦᠷ ᠬᠠᠩᠬᠤᠯᠵᠤ᠂ ᠭᠠᠳᠠᠨ᠎ᠠ ᠱᠤᠩ ᠳᠡᠭᠡᠷ᠎ᠡ ᠮᠤᠷᠢᠨ ᠳᠦᠷᠭᠢᠵᠤ᠂ ᠠᠴᠠ ᠰᠡᠭᠦᠯ ᠲᠡᠶ ᠬᠠᠷᠠᠭᠠᠳᠠᠢ ᠬᠠᠷᠠᠭᠠᠴᠢ ᠪᠠᠷ ᠡᠷᠭᠢᠯᠳᠦᠨ᠎ᠡ᠃

ᠭᠡᠨᠡᠳᠲᠡ ᠠᠷᠠᠪᠳᠠᠨ ᠪᠠᠶ᠎ᠠ ᠪᠠᠨ ᠰᠤᠨᠢᠶᠠᠵᠤ ᠪᠣᠯᠤᠭᠠᠤᠨ᠄ 《ᠣᠷᠵᠢᠳᠤᠷ ᠪᠢ ᠰᠤᠮᠤᠨ ᠳᠡᠭᠡᠷ᠎ᠡ ᠬᠤᠶᠠᠷ ᠬᠠᠰᠠᠭ ᠵᠠᠯᠠᠭᠤ ᠲᠡᠶ ᠬᠠᠷᠭᠤᠯᠳᠠᠭᠰᠠᠨ ᠪᠢᠯᠢᠪ᠂ ᠳᠠᠳᠠᠨ ᠱᠠᠩᠬᠠᠢ᠂ ᠱᠤ ᠫᠣ (ᠭᠠᠷ ᠳᠷᠤᠺᠲ᠋ᠤᠷ) ᠭᠡᠰᠡᠨ ᠥᠭᠡ ᠶᠢ ᠴᠠᠩᠬᠠᠢ᠂ ᠴᠤ ᠫᠣ ᠭᠡᠵᠤ ᠭᠡᠯᠡᠭᠡᠳ ᠪᠣᠰᠤᠳ ᠲᠤ ᠨᠠᠭᠠᠳᠤᠨ ᠢᠨᠢᠶᠠᠳᠤᠨ ᠪᠣᠯᠵᠤ ᠪᠠᠢ᠌ᠭᠰᠠᠨ᠃》 ᠭᠡᠭᠦᠯ᠎ᠡ᠂ ᠭᠡᠷ ᠳᠦᠭᠦᠷᠦᠩ ᠢᠨᠢᠶᠠᠳᠤᠨ ᠱᠤᠭ ᠪᠣᠯᠤᠨ᠎ᠠ᠃ ᠴᠡᠯᠮᠡᠭ᠌ ᠴᠤ ᠡᠪᠦᠳᠦᠭ᠌ ᠶᠢᠡᠨ ᠠᠯᠠᠭᠠᠳᠠᠨ ᠭᠦᠭᠡ ᠡᠯᠢᠭᠡᠨ ᠪᠣᠯᠳᠠᠯ᠎ᠠ ᠪᠠᠨ ᠭᠢᠭ᠌ ᠭᠢᠭ᠌ ᠭᠡᠵᠤ ᠭᠦᠰᠢᠨ᠎ᠡ᠃

ᠲ᠋ᠡᠭᠡᠳᠡᠯ᠎ᠡ ᠪᠣᠷᠮ᠎ᠠ᠄ 《ᠣᠶ‍ᠢ︕ 〈ᠥᠭᠡ ᠣᠯᠳᠠᠪᠠ᠂ ᠥᠭᠡᠷ ᠬᠤᠯᠳᠠᠪᠠ᠃〉 ᠭᠦᠪᠠᠭᠦᠨ ᠮᠢᠨᠢ᠂ ᠭᠤᠷᠪᠠᠳᠤᠭᠠᠷ ᠳᠠᠪᠠᠭᠤᠯᠢᠭ ᠶᠢᠡᠨ ᠰᠢᠯᠤᠭᠤᠨ ᠭᠡᠯᠡᠭᠡᠴᠢ︕》 ᠭᠡᠵᠤ ᠣᠷᠤᠭᠤᠯ ᠶᠢᠡᠨ ᠱᠤᠪᠣᠢ᠌ᠯᠭᠠᠨ᠎ᠠ᠃

ᠴᠡᠯᠮᠡᠭ᠌ ᠣᠯᠠᠮ ᠳᠤᠮᠤᠭᠠᠳᠠᠢ ᠭᠦᠮᠤᠨ ᠤ ᠪᠠᠢ᠌ᠳᠠᠯ ᠭᠠᠷᠭᠠᠨ᠄ 《ᠭᠤᠷᠪᠠᠳᠤᠭᠠᠷ ᠢ ᠨᠢ ᠶᠠᠭᠤ ︖ ᠭᠤᠷᠪᠠᠳᠤᠭᠠᠷ ᠢ ᠨᠢ︕ ᠪᠢ ᠳᠠᠰᠬᠠᠯ ᠳᠤ ᠥᠯᠡᠳᠡᠭᠡᠶ᠎ᠡ︕ ᠪᠣᠯᠤᠨᠠᠤ︖ ᠭᠡᠨ ᠳᠦᠷᠭᠡᠨ ᠡᠰᠡ ᠬᠠᠷᠢᠭᠤᠯᠠᠪᠠᠯ ᠳᠠᠷᠠ᠂ ᠳᠠᠷᠠ ᠁ ᠳᠠᠷᠠ᠂ ᠳᠤᠭᠤᠯ ᠳᠠᠳᠤᠵᠤ ᠢᠪᠢᠯᠭᠡᠨ᠎ᠡ᠃》 ᠭᠡᠵᠤ ᠨᠢᠳᠤ ᠪᠠᠨ ᠠᠨᠢᠨ ᠨᠢᠭᠤᠷ ᠪᠠᠨ ᠪᠦᠳᠡᠭᠡᠨ᠎ᠡ᠃

ᠠᠷᠠᠪᠳᠠᠨ᠄ 《ᠠᠶ‍ᠢ ᠶᠠ︕ ᠡᠨᠡ ᠱᠤᠯᠤᠮ ᠣᠷᠤᠭᠤᠯᠠᠩ ᠴᠢᠨᠢ ᠥᠨᠡᠭᠡᠷ ᠪᠣᠯᠵᠤ ᠪᠠᠢ᠌ᠨ᠎ᠠ ︕ ᠭᠤᠠᠴᠤᠭ ᠮᠢᠳᠠᠷ ᠰᠢᠭ ᠳᠠᠯᠠᠢ ᠮᠡᠳᠡᠯᠭᠡ ᠲᠡᠶ ᠪᠣᠯᠤᠨᠠᠮ ᠵᠢᠭᠢ︕ ᠪᠢ ᠬᠠᠷᠢᠭᠤᠯᠠᠶ᠎ᠠ᠃ (ᠭᠠᠷ ᠶᠢᠡᠨ ᠡᠷᠭᠦᠨ) ᠳᠤᠤᠯᠢ 《ᠵᠠᠩᠭ᠋ᠠᠷ》 ᠊ᠤᠨ ᠭᠡᠯᠡ ᠨᠢ ᠳᠠᠪᠠᠭᠤᠯᠢᠭ᠃ ᠥᠯᠢᠭᠡᠷᠯᠡᠪᠠᠯ᠂ ᠰᠠᠢ᠌ᠬᠠᠨ ᠭᠦᠮᠤᠨ ᠢ ᠳᠦᠷᠰᠦᠯᠡᠭᠦ ᠳᠡᠭᠡᠨ 〈ᠭᠡᠭᠡᠨ ᠳ᠋ᠤᠨᠢ ᠠᠳᠤᠭᠤ ᠮᠠᠨᠠᠮ᠂ ᠭᠡᠷᠡᠯ ᠳ᠋ᠤᠨᠢ ᠣᠢ᠌ᠯᠠ ᠪᠠᠷᠢᠮ᠃〉》 ᠭᠡᠵᠤ ᠭᠡᠯᠡᠳᠡᠭ᠌ ᠭᠡᠪᠡ᠃

ᠴᠡᠯᠮᠡᠭ᠌ ᠡᠪᠦᠳᠦᠭ᠌ ᠶᠢᠡᠨ ᠳᠠᠰᠢᠵᠤ ᠪᠣᠰᠴᠤ ᠵᠤᠭᠰᠤᠭᠠᠤᠨ᠄ 《ᠪᠣᠯᠵᠤ ᠪᠠᠢ᠌ᠨ᠎ᠠ᠂ ᠪᠣᠯᠵᠤ ᠪᠠᠢ᠌ᠨ᠎ᠠ᠂ ᠴᠢᠷᠮᠠᠢ︕》 ᠭᠡᠵᠤ ᠠᠪᠣ ᠶᠢᠨ ᠨᠢᠷᠤᠭᠤᠨ ᠳᠡᠭᠡᠷ᠎ᠡ ᠭᠠᠷᠠᠢ᠌ᠳᠠᠨ ᠡᠯᠢᠭᠡᠳᠡᠨ᠎ᠡ᠃

ᠡᠵᠢ ᠨᠢ᠄ 《ᠮᠠᠯ ᠠᠭᠤᠷᠤᠰᠤᠨ ᠤ ᠳᠠᠯ᠎ᠠ ᠶᠢᠨ ᠨᠡᠷᠡᠢ᠌ᠳᠦᠯᠭᠡ ᠮᠠᠨ ᠳᠤ ᠳᠤᠩ ᠣᠯᠠᠨ᠂ ᠣᠨᠠᠭ᠎ᠠ ᠳᠠᠭ᠎ᠠ ᠦᠷᠢᠶ᠎ᠠ ᠪᠠᠢ᠌ᠳᠠᠰᠤᠨ ᠁ ᠭᠡᠭᠦ ᠮᠠᠳᠤ᠃》 ᠭᠡᠪᠡ᠃

ᠴᠡᠯᠮᠡᠭ᠌ ᠳᠠᠪ ᠭᠡᠵᠤ ᠄ 《ᠠᠪᠠᠢ ᠠᠳᠠᠢ᠂ ᠨᠢᠳᠤᠨᠤᠨ ᠨᠠᠭᠠᠴᠤ ᠶᠢᠨ ᠵᠢᠭᠠᠭᠰᠠᠨ ᠭᠦᠷᠡᠩ ᠦᠷᠢᠶ᠎ᠠ ᠶᠠᠭᠠᠭᠢᠯ᠎ᠠ︕》 ᠭᠡᠵᠤ ᠰᠠᠠᠳᠤᠷᠠᠨ ᠠᠰᠠᠭᠤᠨ᠎ᠠ᠃

ᠠᠷᠠᠪᠳᠠᠨ᠄ 《ᠮᠠᠭᠤ ᠭᠦᠪᠠᠭᠦᠮ᠂ ᠦᠷᠢᠶ᠎ᠠ ᠴᠢᠨᠢ ᠭᠡᠭᠡᠷ ᠠᠵᠢᠷᠭ᠎ᠠ ᠶᠢᠨ ᠢᠵᠢᠯᠢ ᠳᠤ ᠳᠠᠷᠭᠤᠯᠠᠵᠤ ᠪᠠᠢ᠌ᠨ᠎ᠠ᠂ ᠳᠠᠷᠠ ᠮᠠᠶᠠᠭᠠᠷ ᠤᠨ ᠬᠠᠷ᠎ᠠ ᠶᠢᠨ ᠰᠠᠯᠳᠤᠷ ᠯᠠᠢ᠃ ᠬᠤᠷᠳᠤᠨ ᠪᠣᠯᠤᠨ᠎ᠠ᠂ ᠬᠣᠢ᠌ᠳᠤᠨ ᠳᠠᠭᠠᠨ ᠬᠤᠰᠢᠭᠤᠨ ᠤ ᠣᠷᠤᠯᠳᠤᠭᠠᠨ ᠳᠤ ᠰᠣᠢ᠌ᠵᠤ ᠳᠠᠪᠢᠶ᠎ᠠ︕ (ᠭᠡᠵᠤ ᠠᠷᠭᠠᠳᠤᠨ) ᠣᠳᠤᠭᠢ ᠬᠠᠷᠢᠭᠤᠯᠳᠠ ᠪᠠᠨ ᠬᠤᠷᠳᠤᠨ ᠭᠡᠯᠡᠭᠡᠴᠢ ︖》 ᠭᠡᠪᠡ᠃

ᠴᠡᠯᠮᠡᠭ᠌ ᠨᠤᠮᠳᠠᠢ ᠰᠡᠭᠡᠭᠡᠳᠡᠢ ᠭᠦᠮᠤᠨ ᠤ ᠪᠠᠢ᠌ᠳᠠᠯ ᠶᠢᠡᠷ ᠳᠤᠯᠤᠭᠠᠢ ᠪᠠᠨ ᠭᠢᠯᠵᠡᠢ᠌ᠯᠭᠡᠨ ᠄ 《ᠳᠠᠨᠤᠰ ᠬᠠᠷᠢᠭᠤᠯᠤᠭᠰᠠᠨ ᠳᠠᠭᠠᠷᠠᠵᠤ ᠪᠠᠢ᠌ᠨ᠎ᠠ᠂ ᠪᠦᠷᠢᠨ ᠵᠦᠪ᠂ ᠬᠤᠪᠢ ᠳᠡᠮᠳᠡᠭᠯᠡᠶ᠎ᠡ︕ (ᠭᠡᠵᠤ ᠳᠡᠮᠳᠡᠭᠯᠡᠭ᠍ᠰᠡᠨ ᠪᠠᠢ᠌ᠳᠠᠯ ᠭᠠᠷᠭᠠᠵᠤ ᠳᠠᠭᠤ ᠪᠠᠨ ᠵᠠᠰᠠᠭᠠᠤᠨ ᠬᠤᠭᠤᠯᠠᠢ ᠪᠠᠨ ᠬᠠᠰᠢᠵᠤ) 〈ᠬᠤᠳᠠ ᠢᠳᠠᠨ᠎ᠡ〉 ᠭᠡᠰᠡᠨ ᠤ 〈ᠢᠳᠠᠨ᠎ᠡ〉 ᠭᠡᠰᠡᠨ ᠥᠭᠡ ᠡᠰᠡ ᠪᠠᠢ᠌ᠨᠠᠤ︕ ᠳᠠᠷᠠ ᠥᠭᠡ 〈ᠢᠳᠠᠪᠠ᠂ ᠢᠳᠡᠭ᠍ᠰᠡᠨ ᠢᠳᠡᠭᠦᠯ ᠁〉 ᠭᠡᠭᠦ ᠮᠠᠳᠤ 120 ᠵᠣᠢ᠌ᠯ ᠳᠤ ᠬᠤᠪᠢᠯᠵᠤ ᠴᠢᠳᠠᠨ᠎ᠡ ᠭᠡᠨ᠎ᠡ᠂ ᠡᠡᠩᠭ᠍ᠯᠢ ᠭᠡᠯᠡᠨ ᠳᠤ ᠵᠥᠪᠭᠡᠨ ᠳᠠᠪᠣᠬᠠᠨ ᠵᠣᠢ᠌ᠯ ᠪᠠᠢ᠌ᠨ᠎ᠠ ᠭᠡᠨ᠎ᠡ᠃ ᠳᠡᠭᠡᠪᠠᠯ ᠮᠠᠨ ᠤ ᠮᠤᠩᠭ᠋ᠤᠯ ᠭᠡᠯᠡᠨ ᠪᠠᠶᠠᠯᠢᠭ ᠦᠦ︖ ᠪᠠᠶᠠᠯᠢᠭ ᠪᠢᠰᠢ ᠦᠦ ︖》 ᠭᠡᠵᠤ ᠪᠠᠭᠰᠢ ᠪᠠᠨ ᠰᠢᠭ ᠭᠡᠳᠡᠢ᠌ᠵᠤ ᠵᠤᠭᠰᠤᠭᠠᠤᠨ ᠴᠢᠩᠭ᠎ᠠ ᠳᠠᠭᠤ ᠪᠠᠷ ᠬᠠᠢ᠌ᠭᠢᠷᠠᠨ ᠶᠠᠷᠢᠨ᠎ᠠ᠃

ᠭᠡᠷ ᠶᠢᠡᠷ ᠨᠢᠭᠡᠨ ᠢᠨᠢᠶᠠᠳᠤᠨ ᠬᠠᠷᠠᠭᠠᠴᠢ ᠪᠠᠷ ᠴᠤᠤᠷᠢᠶᠠᠳᠤᠨ᠎ᠠ᠃ ᠁


    07.5.20


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9254
ᠴᠠᠭ᠄ 2011 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ