ᠨᠡᠪᠲᠡᠷᠡᠨ ᠤᠷᠤᠬᠤ
ᠲᠤᠭ᠎ᠠ ᠳᠦᠷᠰᠦ ᠶᠢ ᠤᠶᠠᠯᠳᠤᠭᠤᠯᠬᠤ ᠦᠵᠡᠯ ᠰᠠᠨᠠᠭ᠎ᠠ

ᠳᠤᠭᠠᠨ ᠤ ᠣᠬᠠᠭᠠᠨ ᠭᠡᠳᠡᠭ᠌ ᠨᠢ ᠣᠭᠳᠠᠷᠭᠤᠢ ᠶᠢᠨ ᠳᠤᠭ᠎ᠠ ᠭᠡᠮᠵᠢᠭ᠍ᠳᠡᠭᠦᠨ ᠭᠢᠭᠡᠤᠨ ᠭᠡᠯᠪᠠᠷᠢ ᠳᠦᠷᠰᠤ ᠶᠢᠨ ᠬᠤᠭᠤᠷᠤᠠᠳᠤᠭᠢ ᠬᠤᠯᠪᠣᠭᠳᠠᠯ ᠢ ᠰᠤᠳᠤᠯᠳᠠᠭ᠃ ᠳᠤᠭᠠᠨ ᠤ ᠣᠬᠠᠭᠠᠨ ᠳᠤ ᠮᠠᠰᠢ ᠣᠯᠠᠨ ᠦᠵᠡᠯ ᠰᠠᠨᠠᠭ᠎ᠠ ᠪᠠᠢ᠌ᠳᠠᠭ᠂ ᠡᠭᠦᠨ ᠳᠤ ᠳᠤᠭ᠎ᠠ ᠪᠠ ᠭᠡᠯᠪᠠᠷᠢ ᠳᠦᠷᠰᠦ ᠶᠢ ᠣᠶᠠᠯᠳᠤᠭᠤᠯᠬᠤ ᠦᠵᠡᠯ ᠰᠠᠨᠠᠭ᠎ᠠ ᠨᠢ ᠳᠤᠭᠠᠨ ᠤ ᠣᠬᠠᠭᠠᠨ ᠤ ᠰᠤᠳᠤᠯᠭᠠᠨ ᠳᠤ ᠳᠣᠢ᠌ᠯ ᠤᠨ ᠴᠢᠬᠤᠯᠠ ᠦᠵᠡᠯ ᠰᠠᠨᠠᠭ᠎ᠠ ᠪᠣᠯᠬᠤ ᠶᠤᠮ᠂ ᠡᠨᠡ ᠨᠢ ᠳᠠᠷᠤᠢ ᠳᠤᠭ᠎ᠠ ᠭᠡᠮᠵᠢᠭ᠍ᠳᠡᠭᠦᠨ ᠪᠠ ᠭᠡᠯᠪᠠᠷᠢ ᠳᠦᠷᠰᠦ ᠶᠢᠨ ᠬᠤᠭᠤᠷᠤᠠᠳᠤᠭᠢ ᠬᠠᠷᠭᠠᠯᠵᠠᠯ ᠤᠨ ᠬᠤᠯᠪᠣᠭᠳᠠᠯ ᠢ ᠦᠨᠳᠦᠰᠦᠯᠠᠵᠤ᠂ ᠳᠤᠭ᠎ᠠ ᠪᠠ ᠳᠦᠷᠰᠦ ᠶᠢ ᠬᠠᠷᠢᠯᠴᠠᠨ ᠣᠯᠠᠷᠢᠭᠤᠯᠤᠨ ᠬᠤᠪᠢᠷᠠᠭᠤᠯᠬᠤ ᠪᠠᠷ ᠳᠠᠮᠵᠢᠨ᠂ ᠳᠤᠭᠠᠨ ᠤ ᠣᠬᠠᠭᠠᠨ ᠤ ᠠᠰᠠᠭᠤᠳᠠᠯ ᠢ ᠰᠢ᠌ᠦᠡᠪᠦᠷᠢᠯᠡᠭᠦ ᠨᠢᠭᠡᠨ ᠳᠣᠢ᠌ᠯ ᠤᠨ ᠴᠢᠬᠤᠯᠠ ᠳᠤᠭᠠᠨ ᠤ ᠣᠬᠠᠭᠠᠨ ᠤ ᠦᠵᠡᠯ ᠰᠠᠨᠠᠭᠠᠳᠤ ᠴᠢᠨᠠᠷ ᠪᠦᠭᠦᠢ ᠠᠷᠭ᠎ᠠ ᠪᠠᠷᠢᠯ ᠪᠣᠯᠤᠨ᠎ᠠ᠃

ᠳᠤᠭ᠎ᠠ ᠳᠦᠷᠰᠦ ᠶᠢ ᠣᠶᠠᠯᠳᠤᠭᠤᠯᠬᠤ ᠨᠢ 《ᠳᠦᠷᠰᠤ ᠪᠠᠷ ᠳᠤᠭ᠎ᠠ ᠶᠢ ᠣᠷᠤᠯᠠᠭᠤᠯᠤᠨ ᠂ ᠳᠤᠭ᠎ᠠ ᠪᠠᠷ ᠳᠦᠷᠰᠦ ᠶᠢ ᠪᠣᠳᠤᠬᠤ》 ᠪᠠᠷ ᠳᠠᠮᠵᠢᠨ ᠳᠤᠭᠠᠨ ᠤ ᠣᠬᠠᠭᠠᠨ ᠤ ᠳᠣᠢ᠌ᠯ ᠤᠨ ᠨᠠᠷᠢᠨ ᠪᠣᠳᠤᠯᠶᠠᠠᠳᠤ ᠠᠰᠠᠭᠤᠳᠠᠯ ᠢ ᠭᠢᠯᠪᠠᠷ ᠳᠦᠭᠦᠮ ᠪᠣᠯᠭᠠᠨ᠂ ᠭᠡᠢ᠌ᠰᠪᠦᠷᠢ ᠠᠰᠠᠭᠤᠳᠠᠯ ᠢ ᠪᠣᠳᠠᠳᠠᠢ ᠠᠰᠠᠭᠤᠳᠠᠯ ᠪᠣᠯᠭᠠᠨ ᠣᠯᠠᠷᠢᠭᠤᠯᠤᠨ ᠬᠤᠪᠢᠷᠠᠭᠤᠯᠳᠠᠭ ᠪᠢᠯᠠ᠃ ᠳᠡᠩᠴᠡᠳᠭᠡᠯ ᠪᠣᠰᠤ ᠶᠢᠨ ᠪᠦᠳᠦᠴᠡ ᠲᠡᠶ ᠰᠠᠳᠤᠪ ᠶᠢᠡᠷ ᠦᠵᠡᠪᠠᠯ᠄ ᠳᠡᠩᠴᠡᠳᠭᠡᠯ ᠪᠣᠰᠤ ᠪᠠᠨ ᠨᠢᠭᠡ ᠵᠣᠢ᠌ᠯ ᠤᠨ ᠢᠯᠡᠷᠭᠡᠢ᠌ᠯᠡᠯ ᠪᠣᠶᠤ ᠭᠡᠯᠪᠠᠷᠢ ᠳᠦᠷᠰᠦ ᠲᠡᠶ ᠬᠤᠯᠪᠣᠭᠳᠠᠭᠤᠯᠤᠨ ᠣᠶᠠᠯᠳᠤᠭᠤᠯᠵᠤ ᠪᠠᠢ᠌ᠭᠠᠤᠨ ᠪᠣᠳᠤᠵᠤ ᠪᠣᠯᠳᠠᠭ᠃ ᠨᠠᠩ ᠴᠢᠨᠠᠭᠰᠢᠯᠠᠪᠠᠯ ᠳᠡᠩᠴᠡᠳᠭᠡᠯ ᠪᠣᠰᠤ ᠶᠢᠨ ᠪᠣᠳᠠᠳᠤ ᠬᠤᠯᠪᠣᠭᠳᠠᠯ ᠢ ᠨᠢ ᠦᠨᠳᠦᠰᠦᠯᠠᠵᠤ᠂ ᠳᠡᠭᠦᠨ ᠢ ᠵᠢᠷᠤᠭ ᠳᠦᠷᠰᠦ ᠪᠣᠯᠭᠠᠨ ᠬᠤᠪᠢᠷᠠᠭᠤᠯᠵᠤ᠂ ᠳᠡᠩᠴᠡᠳᠭᠡᠯ ᠪᠣᠰᠤ ᠶᠢᠨ ᠢᠯᠡᠷᠭᠡᠢ᠌ᠯᠡᠭ᠍ᠰᠡᠨ ᠭᠡᠢ᠌ᠰᠪᠦᠷᠢ ᠳᠤᠭ᠎ᠠ ᠭᠡᠮᠵᠢᠭ᠍ᠳᠡᠯ ᠤᠨ ᠬᠤᠯᠪᠣᠭᠳᠠᠯ ᠢ ᠭᠡᠯᠪᠠᠷᠢ ᠳᠦᠷᠰᠦ ᠶᠢᠨ ᠠᠰᠠᠭᠤᠳᠠᠯ ᠪᠣᠯᠭᠠᠨ ᠰᠢ᠌ᠦᠡᠪᠦᠷᠢᠯᠡᠳᠡᠭ᠌᠃

ᠳᠡᠭᠡᠷᠡᠭᠢ ᠮᠠᠳᠤ ᠶᠢᠨ ᠳᠤᠭ᠎ᠠ ᠳᠦᠷᠰᠦ ᠶᠢ ᠣᠶᠠᠯᠳᠤᠭᠤᠯᠬᠤ ᠠᠷᠭ᠎ᠠ ᠨᠢ ᠥᠨᠡ᠊ᠨᠳᠡᠭᠡᠨ ᠵᠥᠪᠭᠡᠨ ᠭᠦᠴᠢᠷ ᠳᠦᠪᠠᠭ᠌ ᠳᠡᠩᠴᠡᠳᠭᠡᠯ ᠪᠣᠰᠤ ᠶᠢᠨ ᠴᠤᠭᠯᠠᠷᠠᠯ ᠢ ᠪᠣᠳᠤᠬᠤ ᠡᠴᠠ ᠵᠡᠢ᠌ᠯᠡᠰᠭᠢᠵᠤ᠂ ᠰᠢ᠌ᠦᠡᠪᠦᠷᠢᠯᠡᠭᠦ ᠠᠷᠭ᠎ᠠ ᠠᠪᠴᠠᠯ ᠨᠢ ᠳᠤᠪᠴᠢ ᠠᠪᠰᠠᠷᠬᠠᠨ ᠪᠦᠭᠡᠤᠨ ᠢᠯᠭᠤᠮ ᠳᠤᠳᠤ ᠪᠠᠢ᠌ᠬᠤ ᠣᠠᠴᠠᠯᠢᠭ ᠲᠡᠶ ᠶᠤᠮ ᠃ ᠡᠨᠡᠭᠦ ᠠᠷᠭ᠎ᠠ ᠨᠢ ᠨᠢᠭᠡ ᠵᠣᠢ᠌ᠯ ᠤᠨ ᠠᠮᠢᠳᠤ ᠴᠤᠪᠣᠭᠤᠯᠢᠭ ᠰᠡᠳᠭᠢᠭᠦᠢ ᠶᠢᠨ ᠭᠤᠶᠤ ᠰᠠᠢ᠌ᠬᠠᠨ ᠠᠷᠭ᠎ᠠ ᠪᠣᠯᠬᠤ ᠶᠤᠮ᠂ ᠡᠢ᠌ᠮᠤ ᠡᠴᠠ ᠳᠤᠭ᠎ᠠ ᠳᠦᠷᠰᠦ ᠶᠢ ᠣᠶᠠᠯᠳᠤᠭᠤᠯᠬᠤ ᠦᠵᠡᠯ ᠰᠠᠨᠠᠭ᠎ᠠ ᠪᠠᠷ ᠳᠡᠩᠴᠡᠳᠭᠡᠯ ᠪᠣᠰᠤ ᠶᠢ ᠪᠣᠳᠤᠬᠤ ( ᠪᠣᠶᠤ ᠪᠠᠳᠤᠯᠠᠬᠤ ) ᠨᠢ ᠳᠡᠩᠴᠡᠳᠭᠡᠯ ᠪᠣᠰᠤ ᠶᠢᠨ ᠠᠰᠠᠭᠤᠳᠠᠯ ᠢ ᠰᠢ᠌ᠦᠡᠪᠦᠷᠢᠯᠡᠭᠦ ᠶᠢᠨ ᠵᠠᠩᠭᠢᠯᠠᠭ᠎ᠠ ᠪᠣᠯᠬᠤ ᠪᠦᠭᠡᠤᠨ ᠵᠦᠪ ᠣᠨᠤᠪᠴᠢᠳᠠᠢ ᠪᠠᠷ ᠬᠤᠶᠠᠷ ᠵᠣᠢ᠌ᠯ ᠤᠨ ᠬᠠᠷᠠᠭᠠᠯᠵᠠᠯ ᠵᠢᠷᠤᠮᠠᠭ ᠢ ᠵᠠᠭᠪᠣᠷᠢᠯᠠᠨ ᠪᠦᠳᠦᠭᠡᠵᠤ᠂ ᠬᠤᠪᠢᠰᠭᠤᠨ ᠤ ᠭᠡᠮᠵᠢᠭ᠍ᠳᠡᠯ ᠠᠪᠬᠤ ᠭᠡᠪᠴᠢᠶ᠎ᠡ ᠶᠢ ᠵᠦᠪ ᠣᠨᠤᠪᠴᠢᠳᠠᠢ ᠪᠠᠷ ᠳᠤᠭᠳᠠᠭᠠᠵᠤ᠂ ᠡᠭᠦᠨ ᠤ ᠣᠯᠠᠮ ᠡᠴᠠ ᠨᠠᠩ ᠣᠯᠠᠨ ᠰᠥᠪᠠᠭ᠍ᠴᠢᠯᠡᠯᠳᠡ ᠶᠢᠨ ᠴᠢᠨᠠᠷ ᠲᠡᠶ ᠠᠰᠠᠭᠤᠳᠠᠯ ᠢ ᠳᠤᠭᠳᠠᠭᠠᠬᠤ ᠳᠤ ᠴᠤ ᠳᠤᠭ᠎ᠠ ᠳᠦᠷᠰᠦ ᠶᠢ ᠣᠶᠠᠯᠳᠤᠭᠤᠯᠬᠤ ᠠᠷᠭ᠎ᠠ ᠶᠢ ᠭᠡᠷᠡᠭᠯᠡᠵᠤ ᠪᠣᠯᠬᠤ ᠶᠤᠮ ᠃

ᠵᠤᠬᠢᠶᠠᠭᠴᠢ ᠶᠢᠨ ᠬᠠᠶ‍ᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠳᠤᠮᠳᠠᠳᠤ ᠰᠤᠷᠭᠠᠭᠤᠯᠢ


ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 10600
ᠴᠠᠭ᠄ 2014 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ