ᠨᠡᠪᠲᠡᠷᠡᠨ ᠤᠷᠤᠬᠤ
ᠬᠠᠪᠣᠷ ᠤᠨ ᠴᠢᠮᠡᠭᠡ

ᠠᠭᠤᠯᠠᠰ ᠤᠨ ᠣᠷᠤᠢ ᠨᠢ ᠴᠠᠢ᠌ᠪᠠᠴᠤ

ᠡᠩᠭᠡᠷ ᠪᠠᠯ ᠶᠢᠡᠷ ᠶᠢᠡᠨ ᠬᠠᠯᠢᠶ᠎ᠠ ᠳᠠᠢ

ᠣᠮᠠᠷᠠᠰᠢ ᠨᠡᠭᠦᠭᠦ ᠨᠠᠷᠠᠨ ᠤ ᠭᠡᠷᠡᠯ ᠡᠪᠦᠯ ᠤᠨ ᠵᠢᠪᠠᠷ ᠢ ᠳᠤᠭᠤᠴᠠᠨ᠎ᠠ

     ᠡᠷᠳᠡ ᠳᠦᠷᠦᠭ᠍ᠰᠡᠨ ᠬᠤᠷᠠᠭ᠎ᠠ

     ᠢᠰᠡᠭᠡᠢ ᠳᠠᠭᠠᠷ ᠲᠠᠭᠠᠨ ᠮᠠᠢ᠌ᠯᠠᠨ᠎ᠠ

     ᠡᠮᠡᠭᠡ ᠡᠪᠠᠷ ᠣᠭᠤᠵᠢ ᠪᠠᠨ ᠡᠷᠢᠵᠤ ᠲᠦᠯ ᠤᠨ ᠪᠡᠯᠡᠳᠭᠡᠯ ᠭᠢᠨ᠎ᠠ

ᠠᠭᠤᠯᠠᠨ ᠳᠤ ᠡᠪᠦᠯᠵᠢᠭ᠍ᠰᠡᠨ ᠱᠠᠷ ᠵᠢᠠᠨ

ᠳᠦᠷᠤᠯᠠᠵᠤ ᠳᠠᠰᠬᠠᠨ ᠣᠶᠠᠵᠤ

ᠡᠪᠦᠯᠵᠢᠶᠡᠨ ᠤ ᠣᠯᠠᠨ ᠠᠢ᠌ᠯ ᠡᠷᠳᠡ ᠭᠦᠳᠡᠯᠭᠦ ᠪᠠᠷ ᠶᠠᠭᠠᠷᠠᠨ᠎ᠠ

     ᠰᠦᠷᠦᠭ᠌ ᠳᠠᠭᠠᠬᠤ ᠭᠡᠵᠤ ᠠᠬ᠎ᠠ ᠨᠠᠷ

     ᠣᠨᠤᠭᠠᠨ ᠤ ᠮᠤᠷᠢ ᠪᠠᠨ ᠡᠪᠠᠰᠦᠯᠡᠭᠦ ᠳ᠋ᠤ

     ᠠᠰᠠᠷ ᠨᠠᠷ᠎ᠠ ᠲᠡᠶ ᠭᠢᠴᠠᠢ ᠴᠤ ᠡᠭᠦᠷ ᠲᠡᠭᠡᠨ ᠭᠡᠪᠳᠡᠭᠦ ᠦᠭᠡᠶ ᠡᠷᠭᠢᠯᠳᠤᠨ᠎ᠡ

ᠬᠠᠨ᠎ᠠ ᠳᠤᠭᠤᠨᠤ ᠳᠡᠭᠡᠭᠡᠭ᠍ᠰᠡᠨ ᠴᠦᠷᠭᠡ ᠴᠦᠷᠭᠡ ᠳᠡᠷᠭᠡ

ᠬᠤᠳᠠ ᠬᠤᠳᠠ ᠶᠢᠨ ᠭᠠᠳᠠᠨ᠎ᠠ ᠠᠴᠢᠶ᠎ᠠ ᠳᠠᠩᠴᠠᠨ ᠵᠢᠭᠰᠠᠬᠤ ᠳ᠋ᠤ

ᠡᠪᠠᠷ ᠲᠡᠭᠡᠨ ᠳᠦᠷᠤ ᠲᠡᠶ ᠥᠭᠡᠷ ᠤᠳ ᠭᠦᠦᠭᠯᠡᠵᠤ ᠭᠦᠳᠡᠯᠭᠦ ᠪᠠᠷ ᠭᠦᠯᠢᠶᠡᠨ᠎ᠡ


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2011 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ