☆ ᠨᠣ᠊·ᠴᠢᠯᠠᠭᠤᠠᠪᠠᠭᠠᠨ᠎ᠠ
ᠵᠢᠷᠦᠭᠡᠨ ᠳᠤᠶᠠᠭ᠎ᠠ
ᠵᠢᠰᠤᠮ ᠰᠢᠷᠭ᠎ᠠ ᠠᠳᠤᠭᠤᠳ ᠤᠨ ᠵᠢᠠᠨ
ᠲ᠋ᠤᠭ᠎ᠠ ᠶᠢ ᠪᠦᠷᠢᠦᠡᠭᠡᠵᠤ ᠳᠤᠷᠮᠤᠯᠵᠠᠳᠠᠭ
ᠵᠡᠭᠦᠳᠤᠨ ᠵᠥᠭ᠌ ᠤᠨ ᠠᠮᠠᠷᠠᠭ ᠤᠨ ᠵᠢᠠᠨ
ᠲ᠋ᠤᠷᠠᠯᠠᠯ ᠢ ᠮᠠᠨᠠᠵᠤ ᠠᠰᠠᠳᠠᠭ
ᠵᠢᠷᠦᠭᠡᠨ ᠳᠤᠶᠠᠭ᠎ᠠ ᠊᠊᠊᠊᠊᠊᠊᠊᠊᠊᠊᠊᠊᠊᠊
ᠬᠣᠢ᠌ᠯᠠᠷᠠᠵᠤ ᠪᠣᠰᠤᠭᠰᠠᠨ ᠴᠠᠭᠠᠨ ᠰᠢᠭᠤᠷᠭ᠎ᠠ
ᠬᠣᠢ᠌ᠰᠤᠩᠨᠠᠵᠤ ᠪᠠᠷᠣᠢ᠌ᠭᠰᠠᠨ ᠪᠣᠷᠵᠠᠩ ᠳᠡᠭ᠍ᠷᠢ
ᠲ᠋ᠠᠷᠠ ᠪᠦᠭᠦᠨ ᠤ ᠡᠯᠢᠭᠡᠨ ᠳ᠋ᠤ
ᠭᠡᠷᠡᠯ᠂ ᠢᠯᠴᠢ ᠬᠠᠷᠢᠬᠤ ᠥᠭᠡᠢ
ᠭᠡᠷ ᠤᠨ ᠶᠢᠡᠨ ᠬᠣᠢ᠌ᠮᠤᠷ ᠳᠤᠯᠠᠭᠠᠯᠠᠵᠤ ᠳᠤᠸᠠᠯᠠᠨᠠ᠃
ᠠᠰ ᠳᠤᠰᠤᠭᠰᠠᠨ ᠭᠠᠯ ᠨᠠᠷᠠ
ᠠᠩᠰᠠᠭᠨᠠᠵᠤ ᠢᠨᠢᠶᠡᠭ᠍ᠰᠡᠨ ᠬᠠᠭᠤᠷᠮᠠᠭ ᠰᠠᠢ᠌ᠮᠰᠠᠷᠠᠯ
ᠡᠨᠡ ᠪᠦᠭᠦᠨ ᠤ ᠬᠠᠷᠢᠭᠤ ᠳ᠋ᠤ
ᠲ᠋ᠤᠸᠠᠯᠠᠵᠤ ᠠᠰᠠᠬᠤ ᠪᠠᠨ ᠮᠠᠷᠳᠠᠬᠤ ᠥᠭᠡᠢ
ᠲ᠋ᠤᠯᠭ᠎ᠠ ᠶᠢᠨ ᠶᠢᠡᠨ ᠴᠤᠭ ᠲᠡᠶ ᠮᠥᠩᠭᠡ ᠳᠤᠯᠠᠢ᠌ᠨᠠ᠃
ᠭᠦᠯᠦᠭ᠌ ᠤᠨ ᠳᠠᠯ ᠳᠡᠭᠡᠷ᠎ᠡ
ᠵᠠᠭᠤᠠᠵᠢᠨ ᠨᠤᠴᠤᠵᠤ
ᠭᠦᠮᠤᠨ ᠤ ᠮᠦᠰᠤ ᠳᠡᠭᠡᠷ᠎ᠡ
ᠵᠤᠠᠰᠢᠨ ᠳᠡᠯᠭᠡᠷᠡᠭ᠍ᠰᠡᠨ
ᠵᠢᠷᠦᠭᠡᠨ ᠳᠤᠶᠠᠭ᠎ᠠ ᠊᠊᠊᠊᠊᠊᠊᠊᠊᠊᠊᠊᠊᠊᠊
ᠵᠢᠪᠬᠤᠭ᠎ᠠ᠂ ᠵᠤᠷᠢᠭ ᠤᠨ ᠳᠠᠯᠪᠠᠭ᠎ᠠ ᠪᠣᠶᠤ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠪᠠᠭᠠᠷᠢᠨ
ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2011 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ