ᠨᠡᠪᠲᠡᠷᠡᠨ ᠤᠷᠤᠬᠤ
ᠡᠷᠭᠡ ᠴᠢᠯᠦᠭᠡ (ᠵᠠᠳᠠᠭᠠᠢ ᠰᠢᠯᠦᠭ᠌)

        1

《ᠪᠢ ᠪᠣᠯ ᠴᠢᠨᠤ ᠣᠷᠤᠰᠢᠨ ᠳᠤᠭᠳᠠᠨᠢᠬᠤ ᠭᠡᠷ ᠴᠢᠨᠢ ᠶᠤᠮ》 ᠭᠡᠵᠤ ᠯᠤᠩᠬᠤ ᠠᠷᠢᠭᠢᠨ ᠳᠤ ᠰᠢᠪᠠᠨᠠᠨ᠎ᠡ᠂ 《ᠪᠢ ᠦᠭᠡᠶ ᠶᠤᠮ ᠪᠣᠯ ᠴᠢ ᠭᠡᠷᠡᠭ᠌ ᠦᠭᠡᠶ ᠨᠤᠪᠰᠢ ᠪᠣᠯᠤᠨ᠎ᠠ》 ᠭᠡᠵᠤ ᠠᠷᠢᠭᠢ ᠯᠤᠩᠬᠤᠨ ᠳᠤ ᠰᠡᠴᠡᠷᠭᠡᠨ᠎ᠡ᠃

        2

ᠨᠠᠷᠠ ᠰᠠᠯᠵᠤ ᠶᠠᠳᠠᠭᠰᠠᠨ ᠳᠠᠭᠠᠨ ᠣᠯᠠᠭᠠᠨ ᠳᠤᠷᠳᠤᠩ ᠠᠯᠴᠢᠭᠤᠷ ᠶᠢᠡᠨ ᠠᠪᠴᠢᠷᠡᠵᠤ ᠡᠳᠦᠷ ᠲᠤ ᠪᠠᠯᠡᠭᠯᠡᠴᠢᠭᠡᠯ᠎ᠡ᠂ ᠰᠥᠨᠢ ᠠᠳᠠᠭᠠᠷᠠᠬᠤ ᠳᠠᠭᠠᠨ ᠪᠠᠭᠡ ᠪᠠᠷ ᠳᠡᠭᠦᠨ ᠢ ᠨᠢ ᠪᠢᠯᠳᠠᠴᠢᠬᠠᠪᠠ᠃

        3

《ᠳᠠ ᠭᠡᠴᠢᠨᠡᠨ ᠰᠠᠷᠠᠭᠤᠯ ᠠᠭᠤᠳᠠᠮ ᠪᠣᠢ》 ᠭᠡᠵᠤ ᠠᠭᠤᠯᠠ ᠭᠡᠯᠡᠨ᠎ᠡ᠂

《ᠳᠠ ᠴᠤ ᠥᠨᠡᠭᠡᠷ ᠦᠨᠳᠦᠷ ᠰᠦᠷᠯᠢᠭ᠌ ᠪᠠᠢ᠌ᠨ᠎ᠠ ᠳ᠋ᠠ》 ᠭᠡᠵᠤ ᠳᠠᠯ᠎ᠠ ᠴᠤ ᠪᠢᠰᠢᠷᠠᠨ ᠶᠠᠷᠢᠨ᠎ᠠ᠃

        4

《ᠪᠢ ᠳᠡᠭ᠍ᠳᠡᠶ᠎ᠡ》 ᠭᠡᠵᠤ ᠭᠦᠯ ᠪᠦᠮᠪᠦᠭᠡ ᠳᠦᠳᠦᠭᠡᠨᠡᠨ᠎ᠡ᠂ 《ᠴᠢᠮᠢ᠋ᠢ ᠪᠢ ᠮᠥᠩᠭᠡ ᠣᠷᠤᠰᠢᠬᠤ ᠭᠦᠭᠡ ᠳᠡᠭ᠍ᠷᠢ ᠶᠢᠨ ᠳᠠᠩᠨᠠᠢ ᠳᠤ ᠡᠯᠭᠦᠴᠢᠶ᠎ᠡ》 ᠭᠡᠵᠤ ᠭᠦᠯ ᠶᠠᠷᠢᠨ᠎ᠠ᠂ 《ᠳᠡᠭᠡᠪᠠᠯ ᠴᠢᠮᠢ᠋ᠢ ᠦᠳᠡᠰᠢ ᠪᠣᠯᠭᠠᠨ ᠦᠵᠡᠵᠤ ᠰᠠᠭᠤᠶ᠎ᠠ ᠳ᠋ᠠ》 ᠭᠡᠵᠤ ᠨᠢᠳᠤ ᠨᠢ ᠪᠦᠮᠪᠦᠭᠡ ᠳᠤ ᠭᠡᠯᠡᠨ᠎ᠡ᠃

        5

《ᠪᠢ ᠴᠢᠨᠤ ᠬᠡᠦᠬᠡᠳ ᠪᠢᠰᠢ》 ᠭᠡᠵᠤ ᠰᠢᠨᠠᠭᠠᠨ ᠬᠤᠷᠤᠬᠠᠢ ᠮᠡᠯᠡᠭᠡᠢ ᠳᠤ ᠭᠡᠯᠡᠨ᠎ᠡ᠂ ᠮᠡᠯᠡᠭᠡᠢ ᠬᠠᠷᠢᠨ ᠪᠠᠶᠠᠷᠯᠠᠴᠢᠬᠠᠯ᠎ᠠ᠃

        6

《ᠪᠢ ᠴᠢᠨᠤ ᠡᠭᠡ》 ᠭᠡᠵᠤ ᠥᠡᠳᠡᠭᠡ ᠳᠠᠭᠢᠶᠠᠨ ᠳᠤ ᠰᠡᠴᠡᠷᠭᠡᠨ᠎ᠡ᠂ ᠲ᠋ᠡᠭᠢᠶ᠎ᠡ ᠠᠭᠤᠷᠯᠠᠬᠤ ᠳᠠᠭᠠᠨ ᠥᠡᠳᠡᠭᠡ ᠶᠢ ᠨᠢᠭᠡ ᠯᠠ ᠳᠤᠩᠰᠢᠭᠠᠤᠨ ᠬᠠᠭᠠᠯᠴᠢᠬᠠᠯ᠎ᠠ᠃

        7

《ᠮᠤᠭᠠᠢ ᠥᠭᠦᠴᠢᠭᠡᠵᠡᠢ》 ᠭᠡᠵᠤ ᠴᠢᠭᠢ ᠭᠡᠯᠡᠨ᠎ᠡ᠂

《ᠦᠨᠦᠷ ᠭᠠᠷᠴᠤ ᠪᠠᠢ᠌ᠨ᠎ᠠ》 ᠭᠡᠵᠤ ᠬᠠᠮᠠᠷ ᠨᠢ ᠮᠡᠷᠭᠡᠯᠡᠨ᠎ᠡ᠂

《ᠵᠠᠭᠤ ᠰᠤᠨᠤᠰᠤᠭᠰᠠᠨ ᠡᠴᠠ ᠨᠢᠭᠡ ᠥᠵᠡᠭ᠍ᠰᠡᠨ ᠨᠢ ᠳᠡᠭᠡᠷ᠎ᠡ》 ᠭᠡᠵᠤ ᠨᠢᠳᠤ ᠨᠢ ᠰᠠᠨᠠᠭᠤᠯᠤᠨ᠎ᠠ᠃

        8

《ᠦᠨᠳᠦᠰᠦ ᠴᠢᠨᠢ ᠭᠦᠶ‍ᠦᠭᠡᠨ ᠪᠠᠢ᠌ᠨ᠎ᠠ ᠳ᠋ᠠ》 ᠭᠡᠵᠤ ᠭᠡᠷᠡᠮ ᠨᠢ ᠭᠡᠯᠡᠨ᠎ᠡ᠂ 《ᠦᠨᠳᠦᠰᠦ ᠭᠦᠶ‍ᠦᠭᠡᠨ ᠴᠤ ᠭᠦᠯ ᠤᠨ ᠣᠯᠠ ᠡᠴᠠ ᠵᠠᠢ᠌ᠯᠠᠭᠤᠯᠵᠤ ᠴᠢᠳᠠᠭᠰᠠᠨ ᠳᠤ ᠴᠢᠨᠢ ᠪᠠᠶᠠᠷᠯᠠᠯ᠎ᠠ》 ᠭᠡᠵᠤ ᠭᠡᠷᠡᠮ ᠳᠡᠭᠡᠷᠡᠭᠢ ᠡᠪᠠᠰᠤ ᠨᠢ ᠪᠠᠶᠠᠰᠤᠨ ᠶᠠᠷᠢᠨ᠎ᠠ᠃

        9

《ᠪᠢ ᠴᠢᠨᠢ ᠣᠷᠤᠰᠬᠠᠯ ᠣᠰᠤ ᠰᠢᠭ ᠯᠠ ᠣᠷᠤᠰᠴᠤ ᠯᠠ ᠪᠠᠢ᠌ᠳᠠᠭ》 ᠭᠡᠵᠤ ᠵᠤᠭᠤᠰ ᠨᠢ ᠭᠦᠮᠦᠰ ᠲᠤ ᠭᠡᠯᠡᠨ᠎ᠡ᠂ ᠤᠬᠠᠭᠠᠨᠳᠡᠢ ᠭᠦᠮᠤᠨ ᠨᠢ ᠴᠤᠮᠤ ᠠᠪᠴᠢᠷᠠᠭᠠᠤᠨ ᠬᠤᠳᠬᠤᠨ ᠠᠪᠴᠤ ᠯᠠ ᠪᠠᠢ᠌ᠯ᠎ᠠ᠂ ᠬᠤᠪᠳᠤᠭ ᠭᠦᠮᠤᠨ ᠨᠢ ᠭᠠᠩ ᠠᠪᠴᠢᠷᠠᠭᠠᠤᠨ ᠡᠷᠭᠦᠵᠤ ᠳᠡᠢ᠌ᠯᠦᠭ᠍ᠰᠡᠨ ᠥᠭᠡᠢ ᠬᠡᠭᠡᠯᠴᠢᠭᠡᠭᠡᠳ ᠶᠠᠭᠤ ᠴᠤ ᠣᠯᠤᠭᠰᠠᠨ ᠦᠭᠡᠶ ᠬᠤᠪ ᠬᠤᠭᠤᠰᠤᠨ ᠰᠠᠭᠤᠴᠢᠬᠠᠯ᠎ᠠ᠃

        10

《ᠪᠢ ᠭᠡᠳᠦᠢ ᠵᠢᠷᠭᠠᠯ ᠲᠡᠶ ᠪᠤᠢ᠂ ᠡᠳᠦᠷ ᠡᠳᠦᠷ ᠭᠦᠮᠦᠰ ᠨᠠᠳᠠᠳᠤ ᠢᠳᠠᠰᠢ ᠭᠦᠷᠭᠡᠨ᠎ᠡ》 ᠭᠡᠵᠤ ᠳᠤᠤᠷ ᠳᠠᠭᠢ ᠳᠤᠳᠢ ᠭᠡᠷ ᠤᠨ ᠰᠠᠷᠠᠪᠴᠢᠨ ᠳ᠋ᠠᠭᠢ ᠪᠣᠯᠵᠤᠮᠤᠷ ᠲᠤ ᠶᠠᠷᠢᠨ᠎ᠠ᠂ 《ᠠᠢ᠂ ᠴᠢ ᠴᠤ ᠮᠦᠨ ᠭᠦᠭᠡᠷᠦᠭᠦᠢ ᠠᠮᠢᠳᠠᠨ᠂ ᠴᠢ ᠨᠠᠳᠠ ᠶᠢ ᠦᠵᠡ》 ᠭᠡᠳ ᠭᠡᠷ ᠤᠨ ᠰᠠᠷᠠᠪᠴᠢᠨ ᠳ᠋ᠠᠭᠢ ᠪᠣᠯᠵᠤᠮᠤᠷ ᠣᠢ ᠵᠥᠭ᠌ ᠶᠢᠡᠨ ᠨᠢᠰᠦᠭᠡᠳ ᠶᠠᠪᠣᠴᠢᠬᠠᠯ᠎ᠠ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2012 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ