☆ ᠪᠣᠷᠵᠢᠭᠢᠨ ᠷᠢᠠᠴᠢᠨ
ᠳᠤᠯᠤᠭᠠᠨ ᠪᠣᠷᠬᠠᠨ ᠤ ᠠᠶᠠᠯᠭᠤ
ᠠ
ᠠᠳᠤᠭᠤ ᠵᠢᠷᠤᠬᠤ ᠳᠤ ᠳᠠᠯ᠎ᠠ ᠳᠦᠭᠦᠷᠡᠩ ᠳᠠᠪᠭᠢᠯᠳᠤᠨᠠ
ᠠᠯᠳᠠᠨ ᠳᠤᠭᠤᠰᠤ ᠨᠢ ᠨᠠᠷᠠᠨ ᠳᠤ ᠤᠢ᠌ᠷᠠᠬᠠᠨ ᠪᠠᠭᠤᠨ᠎ᠠ
ᠠᠭᠠᠷ ᠲᠤ ᠦᠣᠷᠰᠡᠭᠦ ᠨᠢ ᠮᠢᠩᠭ᠋ᠠᠨ ᠣᠨ ᠴᠤᠤᠷᠢᠶᠠᠳᠤᠨ᠎ᠠ
ᠠᠶᠠᠯᠠᠵᠤ ᠮᠤᠷᠳᠠᠬᠤ ᠳᠤ ᠣᠢ᠌ᠯᠠᠰ ᠤᠨ ᠵᠢᠯᠤᠭᠤ ᠤᠷᠳᠦᠰᠦᠨᠡ
ᠡ
《ᠡᠪᠦᠭᠡᠨ ᠰᠢᠪᠠᠭᠤ》 ᠡᠭᠦᠯᠡᠨ ᠳᠡᠭᠡᠭᠦᠷ ᠨᠡᠭᠦᠨ᠎ᠡ
ᠡᠪᠴᠢᠭᠦᠤ ᠴᠡᠭᠡᠵᠢ ᠳᠠᠯ᠎ᠠ ᠰᠢᠭ ᠳᠠᠨᠢ᠌ᠨ ᠴᠡᠯᠮᠡᠭ᠍ᠰᠢᠨᠡ
ᠡᠮᠡᠭᠡᠯ ᠳᠡᠭᠡᠷ᠎ᠡ ᠡᠴᠠ ᠨᠠᠷᠠ ᠤᠢ᠌ᠷᠠᠬᠠᠨ ᠣᠷᠭᠤᠨ᠎ᠠ
ᠡᠩᠭᠡᠰᠭᠡ ᠬᠠᠴᠠᠷ ᠲᠤ ᠵᠢᠷᠭᠠᠯ ᠤᠨ ᠮᠦᠰᠢᠶᠠᠳᠤ ᠳᠤᠶᠠᠭᠠᠷᠠᠨ᠎ᠠ
ᠢ
ᠢᠷᠭᠤᠢ ᠴᠡᠴᠡᠭ᠌ ᠬᠠᠪᠣᠷ ᠬᠠᠪᠤᠷ ᠲ᠋ᠡᠯᠭᠡᠷᠡᠨᠡ
ᠢᠨᠠᠭ ᠤᠨ ᠳᠠᠭᠤᠤ ᠦᠶ᠎ᠡ ᠦᠶ᠎ᠡ ᠣᠯᠠᠮᠵᠢᠯᠠᠭᠳᠠᠨᠠ
ᠢᠠᠵᠠᠭᠠᠨ ᠰᠠᠷᠠᠯ ᠦᠣᠷᠰᠠᠨ ᠦᠣᠷᠰᠠᠨ ᠳᠡᠪᠭᠡᠴᠡᠨᠡ
ᠢᠷᠠᠭᠤ ᠨᠠᠢ᠌ᠷᠠᠭ ᠳᠤᠷᠠᠯᠠᠵᠤ ᠳᠤᠷᠠᠯᠠᠭᠤᠯᠵᠤ ᠳᠦᠷᠤᠨ᠎ᠠ
ᠣ
ᠣᠳᠤᠨ ᠤ ᠭᠡᠷᠡᠯ ᠪᠦᠪᠠᠢ ᠶᠢᠨ ᠳᠠᠭᠤᠨ ᠳᠤ ᠦᠷᠭᠡᠯᠡᠨ᠎ᠡ
ᠣᠯᠪᠣᠭ ᠳᠡᠭᠡᠷ᠎ᠡ ᠮᠠᠨᠢ ᠶᠢᠨ ᠡᠷᠢᠭᠡ ᠪᠦᠮᠪᠦᠷᠢᠨ᠎ᠡ
ᠣᠷᠤᠢ ᠦᠳᠡᠰᠢ ᠵᠡᠭᠦᠳᠤ ᠮᠠᠨᠠᠵᠤ ᠬᠤᠨᠤᠨ᠎ᠠ
ᠣᠩᠭ᠋ᠤᠨ ᠰᠠᠷ᠎ᠠ ᠢᠴᠢᠨ ᠢᠴᠢᠨ ᠱᠠᠭᠠᠢ᠌ᠨ᠎ᠠ
ᠣ
ᠣᠶᠠᠬᠠᠨ ᠰᠠᠯᠭᠢ ᠢᠯᠪᠢᠨ ᠳᠠᠭᠠᠯᠠᠨ ᠥᠨᠦᠰᠭᠦ ᠳ᠋ᠤ
ᠣᠷᠤᠭᠤᠯ ᠤᠨ ᠪᠣᠳᠤᠭ ᠡᠩᠭᠡᠷ ᠵᠠᠭᠠᠮ᠎ᠠ ᠪᠠᠷ ᠳᠤᠭᠯᠠᠨ᠎ᠠ
ᠣᠷᠢᠳ ᠤᠨ ᠦᠯᠢᠭᠡᠷ ᠵᠡᠭᠦᠳᠤ ᠨᠣᠢ᠌ᠷ ᠢ ᠳᠦᠷᠢᠮᠡᠭᠡᠢ᠌ᠯᠡᠭᠦ ᠳ᠋ᠤ
ᠣᠯᠢᠶᠠᠷᠬᠠᠭ ᠭᠡᠦᠭᠡᠨ ᠢᠳᠡᠭᠡᠯ ᠬᠠᠢ᠌ᠷ᠎ᠠ ᠶᠢ ᠰᠢᠵᠢᠮᠯᠠᠨᠡ
ᠣᠢ
ᠦᠳᠦᠳᠤ ᠰᠢᠪᠠᠭᠤ ᠳᠡᠭ᠍ᠷᠢ ᠶᠢᠨ ᠭᠡᠯᠡ ᠪᠠᠷ ᠶᠠᠷᠢᠬᠤ ᠳ᠋ᠤ
ᠦᠪᠡᠷ ᠪᠢ ᠪᠣᠷᠬᠠᠨ ᠤ ᠠᠶᠠᠯᠭᠤ ᠪᠠᠷ ᠭᠦᠭ᠍ᠵᠢᠮᠳᠡᠨ᠎ᠡ
ᠦᠪᠴᠢ ᠳᠡᠯᠡᠭᠡᠢ ᠪᠦᠪᠠᠢ ᠡᠭᠡᠰᠢᠭ᠌ ᠶᠢᠡᠷ ᠨᠢᠯᠬᠠᠷᠠᠬᠤ ᠳ᠋ᠤ
ᠦᠪᠣᠷ ᠡᠩᠭᠡᠷ ᠵᠢᠷᠭᠠᠯ ᠤᠨ ᠨᠤᠲ᠋ ᠶᠢᠡᠷ ᠣᠶᠠᠩᠭ᠋ᠠᠷᠠᠨ᠎ᠠ
ᠣᠢ
ᠥᠡᠳᠡᠭᠡ ᠵᠢᠷᠤᠬᠤ ᠳᠤ ᠴᠤᠷᠪᠠᠭ᠎ᠠ ᠪᠣᠯᠤᠭᠠᠤᠨ ᠨᠢᠰᠪᠠ
ᠥᠨᠡᠭᠡᠨ ᠬᠠᠷᠠᠩᠭ᠋ᠤᠢ ᠳᠠᠭᠤᠨ ᠳ᠋ᠤᠨᠢ ᠰᠤᠴᠢᠭᠠᠤᠨ ᠭᠡᠢ᠌ᠪᠡ
ᠦᠳᠡᠰᠢ ᠶᠢᠨ ᠰᠠᠷ᠎ᠠ ᠵᠡᠭᠦᠳᠤᠨ ᠡᠴᠠ ᠪᠠᠨ ᠢᠴᠢᠨ ᠰᠠᠷᠢᠪᠠ
ᠦᠯᠢᠭᠡᠷ ᠤᠨ ᠦᠷᠯᠦᠭᠡ ᠳᠠᠪᠠᠯ ᠶᠢᠡᠨ ᠨᠠᠪᠳᠠᠯᠤᠨ ᠰᠤᠶᠤᠭᠠᠯᠠᠪᠠ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠠᠢ᠌ᠮᠠᠭ ᠤᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10751
ᠴᠠᠭ᠄ 2013 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ