☆ ᠪᠣᠷᠵᠢᠭᠢᠨ ᠰᠦᠶ᠎ᠠ
ᠰᠠᠯᠬᠤ ᠶᠢᠨ ᠠᠯᠬᠤᠮ ᠳ᠋ᠤ
(ᠭᠠᠳᠠᠨ᠎ᠠ ᠨᠢᠭᠡ)
ᠴᠢᠨᠤ
ᠣᠷᠭᠤᠳᠠᠯ᠎ᠠ ᠣᠶᠠᠩᠭ᠋ᠠᠯᠠᠳᠠᠭ ᠣᠷᠠᠨ ᠳᠦᠷᠢ ᠪᠣᠶᠤ
ᠣᠶᠠᠷᠠᠳᠠᠯ᠎ᠠ ᠳᠠᠭᠤᠯᠠᠳᠠᠭ ᠮᠤᠩᠭ᠋ᠤᠯ ᠠᠮᠢᠰᠬᠤᠭ᠎ᠠ ᠡᠴᠡ
ᠣᠳᠤ ᠬᠤᠯᠠᠳᠠᠯ᠎ᠠ ᠭᠡᠭᠦ ᠳᠤ
ᠮᠢᠨᠤ
ᠰᠡᠭᠦᠷᠡᠰᠤ ᠦᠶᠡᠷᠯᠠᠵᠤ
ᠰᠡᠳᠭᠢᠭᠦᠢ ᠡᠮᠵᠡᠭᠯᠡᠵᠤ
ᠰᠢᠯᠦᠭ᠌ ᠵᠦᠰᠠᠷᠠᠵᠤ
ᠰᠡᠳᠭᠢᠯ ᠭᠠᠩᠳᠠᠨ᠎ᠠ ᠡ
ᠠᠢ ᠭᠦᠭᠡᠷᠦᠭᠦᠢ ᠨᠠᠢ᠌ᠵᠠ ᠮᠢᠨᠢ
ᠡ᠊ᠨᠳᠡ ᠡᠴᠡ ᠪᠢᠳᠠ
ᠭᠡᠵᠢᠶ᠎ᠡ ᠠᠭᠤᠯᠵᠠᠬᠤ ᠪᠠᠨ ᠮᠡᠳᠡᠭᠦ ᠦᠭᠡᠶ
ᠡᠰᠡᠷᠭᠦ ᠴᠢᠭᠯᠡᠯ ᠵᠥᠭ᠌ ᠶᠢᠠᠨ ᠠᠶᠠᠷᠯᠠᠬᠤ ᠳᠤ
ᠳᠤᠷᠠᠰᠤᠯ ᠳᠡᠭᠡᠷ᠎ᠡ ᠪᠠᠷᠠᠭᠠᠨ ᠡᠭᠦᠯᠡ ᠭᠦᠪᠪᠦᠵᠤ
ᠨᠣᠢ᠌ᠳᠠᠨ ᠠᠶᠤᠩᠭ᠋᠎ᠠ ᠨᠢᠵᠢᠭᠢᠨᠠᠨᠠ
ᠡᠷ᠎ᠡ ᠭᠦᠮᠤᠨ ᠤ ᠬᠤᠪᠣᠷᠬᠠᠨ ᠨᠢᠯᠪᠣᠰᠤ
ᠡᠯᠢᠭᠡᠨ ᠡᠴᠡ ᠴᠢᠨᠢ ᠰᠢᠪᠠᠷᠠᠵᠤ
ᠪᠠᠳᠤᠴᠠᠭᠠᠨ ᠤ ᠨᠠᠪᠴᠢᠰ
ᠪᠣᠷᠤᠭᠠᠨ ᠪᠣᠯᠵᠤ ᠰᠠᠩᠰᠠᠷᠠᠨᠠ
ᠪᠣᠷᠤᠭᠠᠨ ᠤ ᠳᠤᠮᠳᠠ ᠴᠢ
ᠴᠤᠪᠣᠭ᠎ᠠ ᠴᠢᠭ᠍ᠵᠢᠵᠤ
ᠮᠢᠨᠤ ᠬᠤᠷᠸ᠎ᠠ ᠳᠤ ᠵᠦᠰᠠᠷᠠᠨ᠎ᠠ ᠁
ᠦᠪᠡᠷ ᠢ ᠪᠠᠨ ᠡᠷᠢᠨ -- ᠪᠢ
ᠴᠢᠨᠤ ᠮᠠᠯᠮᠠᠢ ᠵᠥᠭ᠌ ᠬᠤᠷ᠎ᠠ ᠵᠦᠰᠤᠨ ᠰᠢᠭᠤᠷᠠᠨ᠎ᠠ ᠡ
ᠰᠡᠳᠭᠢᠯ ᠢ ᠠᠷᠭᠠᠮᠵᠢᠳᠠᠭ ᠰᠢᠯᠦᠭ᠌ ᠪᠣᠶᠤ
ᠰᠢᠯᠦᠭ᠌ ᠢ ᠬᠤᠷᠭᠤᠳᠠᠭᠤᠯᠳᠠᠭ ᠰᠡᠳᠭᠢᠯ ᠭᠡᠵᠤ
ᠰᠠᠯᠬᠤ ᠶᠢᠨ ᠠᠯᠬᠤᠮ ᠳᠤ ᠣᠢ᠌ᠤᠠᠬᠠᠷᠯᠠᠨ ᠪᠣᠰᠤᠭᠰᠠᠨ
ᠰᠢᠨᠠᠯᠬᠤ ᠶᠢᠨ ᠰᠠᠢ᠌ᠬᠠᠨ ᠳᠠᠭᠤᠤ ᠪᠠᠢ᠌ᠪᠠᠤ ⁈
ᠴᠢᠨᠤ ᠰᠤᠷᠠᠭ ᠦᠭᠡᠶ ᠦᠳᠡᠰᠢ
ᠴᠢᠨᠤ ᠰᠤᠷᠠᠭ ᠦᠭᠡᠶ ᠦᠳᠡᠰᠢ
ᠴᠠᠭᠢᠮ ᠴᠢᠮᠡᠭᠡ ᠶᠢ ᠴᠢᠨᠢ ᠭᠦᠰᠡᠵᠤ ᠰᠡᠳᠭᠢᠯ ᠡᠵᠡᠭᠦᠢᠷᠡᠨ᠎ᠡ
ᠴᠤᠭᠢᠯᠠᠬᠤ ᠵᠢᠷᠦᠭᠡᠨ ᠤ ᠴᠢᠨᠢ ᠠᠢ᠌ᠵᠢᠮ ᠴᠢᠩᠨᠠᠵᠤ
ᠴᠥᠩᠭᠦᠨ ᠳ᠋ᠠᠭᠢ ᠣᠳᠠᠰᠤ ᠪᠠᠨ ᠳᠠᠭᠢᠨ ᠳᠠᠭᠢᠨ ᠠᠭᠤᠳᠠᠯᠠᠨ᠎ᠠ
ᠴᠠᠭ ᠥᠩᠭᠡᠷᠡᠵᠤ ᠦᠭᠭᠦ ᠥᠭᠡᠢ ᠵᠢᠷᠦᠭᠡ ᠶᠢ ᠣᠷᠠᠨ᠎ᠠ
ᠴᠢᠩ ᠬᠠᠢ᠌ᠷ᠎ᠠ ᠶᠢᠨ ᠴᠢᠨᠢ ᠠᠶᠠᠯᠭᠤ ᠮᠥᠷᠦᠭᠡᠳᠴᠤ
ᠴᠢᠮ᠎ᠠ ᠳᠤ ᠣᠳᠠᠰᠤᠳᠠᠬᠤ ᠭᠡᠰᠡᠨ ᠪᠣᠳᠤᠯ ᠶᠢᠡᠨ ᠬᠠᠰᠢᠨᠠ
ᠴᠢᠨᠤ ᠰᠤᠷᠠᠭ ᠦᠭᠡᠶ ᠦᠳᠡᠰᠢ
ᠴᠠᠭᠢᠮ ᠴᠢᠮᠡᠭᠡ ᠶᠢ ᠴᠢᠨᠢ ᠭᠦᠰᠡᠵᠤ ᠰᠡᠳᠭᠢᠯ ᠡᠵᠡᠭᠦᠢᠷᠡᠨ᠎ᠡ
ᠴᠢᠮ᠎ᠠ ᠪᠠᠨ ᠥᠭᠡᠢ᠌ᠯᠡᠭᠡᠳ ᠰᠢᠯᠦᠭ᠌ ᠮᠢᠨᠢ ᠣᠭᠢᠯᠠᠨ᠎ᠠ
ᠴᠢᠯᠠᠵᠤ ᠶᠠᠳᠠᠬᠤ ᠶᠢ ᠮᠡᠳᠡᠳᠡᠭ᠌ ᠦᠭᠡᠶ ᠣᠬᠠᠭ᠎ᠠ ᠮᠢᠨᠢ ᠰᠢᠨᠠᠯᠤᠨ᠎ᠠ
ᠴᠢᠨᠤ ᠰᠤᠷᠠᠭ ᠦᠭᠡᠶ ᠦᠳᠡᠰᠢ
ᠴᠢᠮ᠎ᠠ ᠪᠠᠨ ᠵᠡᠭᠦᠳᠦᠯᠡᠵᠤ ᠨᠣᠢ᠌ᠷ ᠦᠭᠡᠶ ᠬᠤᠨᠤᠨ᠎ᠠ ᠁
ᠵᠤᠬᠢᠶᠠᠭᠴᠢ ᠶᠢᠨ ᠬᠠᠶᠢᠭ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤ
ᠵᠤᠬᠢᠶᠠᠭᠴᠢ᠄ ᠪᠣᠷᠵᠢᠭᠢᠨ ᠰᠦᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ