ᠨᠡᠪᠲᠡᠷᠡᠨ ᠤᠷᠤᠬᠤ
ᠮᠤᠩᠭ᠋ᠤᠯ ᠵᠠᠶᠠᠭ᠎ᠠ

ᠣᠯᠠᠭᠠᠨ ᠴᠢᠷᠠᠢ

ᠰᠦ᠋ ᠲᠡᠶ ᠴᠠᠢ

ᠮᠢᠨᠤ ᠮᠤᠩᠭ᠋ᠤᠯ ᠵᠠᠶᠠᠭ᠎ᠠ

ᠠᠭᠤᠳᠠᠮ ᠳᠠᠯ᠎ᠠ ᠳ᠋ᠤ

ᠠᠳᠤᠭᠤᠨ ᠤ ᠭᠦᠯᠦᠰᠤ ᠳᠠᠢ

ᠮᠢᠨᠤ ᠮᠤᠩᠭ᠋ᠤᠯ ᠵᠠᠶᠠᠭ᠎ᠠ

ᠣᠷᠭ᠎ᠠ ᠶᠢᠨ ᠥᠵᠦᠭᠦᠷ ᠳᠤ

ᠣᠷᠳᠤ ᠶᠢᠨ ᠳᠠᠭᠤᠤ ᠳᠠᠢ

ᠮᠢᠨᠤ ᠮᠤᠩᠭ᠋ᠤᠯ ᠵᠠᠶᠠᠭ᠎ᠠ

ᠣᠰᠤᠨ ᠤ ᠭᠦᠪᠠᠭᠡᠨ ᠳ᠋ᠤ

ᠢᠨᠠᠭ ᠤᠨ ᠪᠣᠯᠵᠤᠭ᠎ᠠ ᠳᠠᠢ

ᠮᠢᠨᠤ ᠮᠤᠩᠭ᠋ᠤᠯ ᠵᠠᠶᠠᠭ᠎ᠠ

ᠰᠢᠭᠤᠷᠭ᠎ᠠ ᠵᠦᠷᠢᠵᠤ

ᠰᠢᠷᠪᠣᠰᠤ ᠬᠠᠳᠠᠭᠤᠷᠠᠭᠰᠠᠨ

ᠮᠢᠨᠤ ᠮᠤᠩᠭ᠋ᠤᠯ ᠵᠠᠶᠠᠭ᠎ᠠ

ᠰᠥᠰᠦᠭ᠌ ᠳᠠᠭᠠᠳᠬᠠᠵᠤ

ᠰᠠᠨᠠᠭ᠎ᠠ ᠴᠠᠳᠬᠤᠯᠠᠩ

ᠮᠢᠨᠤ ᠮᠤᠩᠭ᠋ᠤᠯ ᠵᠠᠶᠠᠭ᠎ᠠ

ᠰᠦᠷᠦᠭ᠌ ᠤᠨ ᠬᠠᠵᠠᠭᠤ ᠳ᠋ᠤ

ᠰᠡᠳᠭᠢᠯ ᠳᠡᠨᠢᠭᠡᠷ

ᠮᠢᠨᠤ ᠮᠤᠩᠭ᠋ᠤᠯ ᠵᠠᠶᠠᠭ᠎ᠠ

ᠰᠦᠮ᠎ᠡ ᠶᠢᠨ ᠡᠭᠦᠳᠡᠨ ᠳ᠋ᠤ

ᠢᠳᠡᠭᠡᠯ ᠳᠦᠭᠦᠷᠡᠩ

ᠮᠢᠨᠤ ᠮᠤᠩᠭ᠋ᠤᠯ ᠵᠠᠶᠠᠭ᠎ᠠ

ᠪᠣᠷᠤᠬᠠᠨ ᠭᠤᠪᠢ ᠳ᠋ᠡᠭᠡᠨ

ᠡᠵᠡᠨ ᠤ ᠣᠮᠤᠭ ᠳᠠᠢ

ᠮᠢᠨᠤ ᠮᠤᠩᠭ᠋ᠤᠯ ᠵᠠᠶᠠᠭ᠎ᠠ

ᠪᠣᠱᠤᠭ᠎ᠠ ᠡᠴᠡ ᠪᠠᠨ ᠦᠷᠭᠦᠯᠵᠢᠯᠡᠭ᠍ᠰᠡᠨ

ᠴᠡᠴᠡᠭ᠌ ᠤᠨ ᠢᠨᠢᠶᠠᠳᠤ ᠳᠠᠢ

ᠮᠢᠨᠤ ᠮᠤᠩᠭ᠋ᠤᠯ ᠵᠠᠶᠠᠭ᠎ᠠ

ᠪᠣᠯᠳᠠᠭ ᠪᠦᠳᠦᠳᠡᠭ᠌ ᠵᠢᠠᠨ

ᠪᠣᠰᠤᠳ ᠲᠤ ᠡᠷᠭᠦᠭ᠍ᠰᠡᠨ

ᠮᠢᠨᠤ ᠮᠤᠩᠭ᠋ᠤᠯ ᠵᠠᠶᠠᠭ᠎ᠠ

ᠪᠣᠰᠤᠭ᠎ᠠ ᠳᠡᠦᠭᠡ ᠪᠠᠨ

ᠬᠠᠭᠤᠳᠠᠰᠤᠨ ᠳᠤ ᠬᠠᠳᠠᠭᠰᠠᠨ

ᠮᠢᠨᠤ ᠮᠤᠩᠭ᠋ᠤᠯ ᠵᠠᠶᠠᠭ᠎ᠠ

ᠬᠤᠶᠠᠷ ᠢᠳᠡᠭᠦ ᠥᠭᠡᠢ

ᠳᠠᠷᠭᠤᠨ ᠰᠠᠨᠠᠭ᠎ᠠ ᠳᠠᠢ

ᠮᠢᠨᠤ ᠮᠤᠩᠭ᠋ᠤᠯ ᠵᠠᠶᠠᠭ᠎ᠠ

ᠬᠤᠭᠤᠰᠤᠨ ᠬᠤᠨᠤᠬᠤ ᠥᠭᠡᠢ

ᠳᠠᠯ᠎ᠠ ᠶᠢᠨ ᠠᠳᠠᠯ ᠳᠠᠢ

ᠮᠢᠨᠤ ᠮᠤᠩᠭ᠋ᠤᠯ ᠵᠠᠶᠠᠭ᠎ᠠ

ᠬᠤᠳᠠ ᠳᠦᠭᠦᠷᠡᠩ

ᠮᠠᠯ ᠤᠨ ᠭᠡᠰᠢᠭ᠌ ᠳᠠᠢ

ᠮᠢᠨᠤ ᠮᠤᠩᠭ᠋ᠤᠯ ᠵᠠᠶᠠᠭ᠎ᠠ

ᠬᠣᠢ᠌ᠷᠮᠤᠭ ᠡᠴᠡ ᠴᠤ ᠢᠯᠡᠭᠦᠤ

ᠵᠥᠭᠡᠯᠡᠨ ᠰᠡᠳᠭᠢᠯ ᠳᠠᠢ

ᠮᠢᠨᠤ ᠮᠤᠩᠭ᠋ᠤᠯ ᠵᠠᠶᠠᠭ᠎ᠠ

ᠮᠠᠯ ᠳᠠᠭᠠᠨ ᠶᠠᠪᠣᠬᠤ ᠳ᠋ᠤ

ᠮᠡᠳᠡᠳᠡᠭ᠌ ᠭᠠᠭᠴᠠ ᠳᠠᠭᠤᠤ ᠳᠠᠢ

ᠮᠢᠨᠤ ᠮᠤᠩᠭ᠋ᠤᠯ ᠵᠠᠶᠠᠭ᠎ᠠ

ᠮᠠᠨᠢ ᠳᠤᠭᠠᠯᠠᠬᠤ ᠳ᠋ᠠᠭᠠᠨ

ᠮᠡᠳᠡᠳᠡᠭ᠌ ᠦᠭᠡᠶ ᠣᠯᠠᠨ ᠠᠪᠢᠶ᠎ᠠ ᠳᠠᠢ

ᠮᠢᠨᠤ ᠮᠤᠩᠭ᠋ᠤᠯ ᠵᠠᠶᠠᠭ᠎ᠠ

ᠮᠢᠬ᠎ᠠ ᠢᠳᠡᠭᠦ ᠳ᠋ᠡᠭᠡᠨ

ᠶᠠᠰᠤ ᠴᠡᠪᠠᠷᠭᠡᠨ ᠮᠥᠯᠵᠢᠳᠡᠭ᠌

ᠮᠢᠨᠤ ᠮᠤᠩᠭ᠋ᠤᠯ ᠵᠠᠶᠠᠭ᠎ᠠ

ᠮᠠᠨᠠᠭ᠎ᠠ ᠳᠤ ᠭᠠᠷᠬᠤ ᠳ᠋ᠠᠭᠠᠨ

ᠭᠠᠯ ᠶᠢᠡᠨ ᠴᠤᠭ ᠲᠡᠶ ᠬᠤᠨᠤᠭᠤᠯᠳᠠᠭ

ᠮᠢᠨᠤ ᠮᠤᠩᠭ᠋ᠤᠯ ᠵᠠᠶᠠᠭ᠎ᠠ

ᠨᠠᠷᠠᠨ ᠤ ᠳᠤᠶᠠᠭ᠎ᠠ ᠳ᠋ᠤ

ᠴᠢᠷᠠᠢ ᠨᠢ ᠬᠠᠷᠠᠯᠠᠭᠰᠠᠨ

ᠮᠢᠨᠤ ᠮᠤᠩᠭ᠋ᠤᠯ ᠵᠠᠶᠠᠭ᠎ᠠ

ᠨᠠᠪᠴᠢᠨ ᠰᠢᠭᠦᠳᠡᠷᠢ ᠡᠴᠡ

ᠴᠡᠩᠭ᠋᠎ᠠ ᠳᠠᠢ᠌ᠯᠳᠠᠭ

ᠮᠢᠨᠤ ᠮᠤᠩᠭ᠋ᠤᠯ ᠵᠠᠶᠠᠭ᠎ᠠ

ᠨᠠᠰᠤ ᠪᠠᠭ᠎ᠠ ᠪᠠᠷ ᠵᠢᠠᠨ

ᠡᠪᠦᠭᠡᠷᠡᠵᠤ ᠣᠤᠠᠳᠠᠭ

ᠮᠢᠨᠤ ᠮᠤᠩᠭ᠋ᠤᠯ ᠵᠠᠶᠠᠭ᠎ᠠ

ᠨᠠᠢ᠌ᠷ ᠤᠨ ᠶᠡᠭᠡ ᠳ᠋ᠤ

ᠭᠡᠢ᠌ᠷᠭᠡᠵᠤ ᠣᠤᠠᠳᠠᠭ

ᠮᠢᠨᠤ ᠮᠤᠩᠭ᠋ᠤᠯ ᠵᠠᠶᠠᠭ᠎ᠠ

ᠬᠤᠯᠠ ᠪᠠᠢ᠌ᠪᠠᠯ

ᠮᠥᠭᠡᠷᠡᠯᠳᠦᠵᠤ ᠰᠠᠨᠠᠳᠠᠭ

ᠮᠢᠨᠤ ᠮᠤᠩᠭ᠋ᠤᠯ ᠵᠠᠶᠠᠭ᠎ᠠ

ᠬᠠᠵᠠᠭᠤ ᠳ᠋ᠤᠨᠢ ᠪᠠᠢ᠌ᠪᠠᠯ

ᠮᠦᠷᠭᠦᠯᠳᠦᠵᠤ ᠰᠠᠯᠳᠠᠭ

ᠮᠢᠨᠤ ᠮᠤᠩᠭ᠋ᠤᠯ ᠵᠠᠶᠠᠭ᠎ᠠ

ᠬᠤᠷᠢᠮ ᠭᠢᠪᠠᠯ

ᠬᠤᠳᠠ ᠪᠠᠨ ᠬᠤᠭᠤᠰᠤᠯᠠᠳᠠᠭ

ᠮᠢᠨᠤ ᠮᠤᠩᠭ᠋ᠤᠯ ᠵᠠᠶᠠᠭ᠎ᠠ

ᠬᠤᠷᠠᠯ ᠭᠢᠪᠠᠯ

ᠴᠤᠪᠣᠷᠠᠯᠳᠤᠨ ᠢᠷᠡᠳᠡᠭ᠌

ᠮᠢᠨᠤ ᠮᠤᠩᠭ᠋ᠤᠯ ᠵᠠᠶᠠᠭ᠎ᠠ

ᠬᠠᠷ᠎ᠠ ᠠᠮᠢ ᠪᠠᠨ

ᠬᠠᠮᠳᠤ ᠨᠠᠢ᠌ᠳᠠ ᠳᠡᠭᠡᠨ ᠭᠡᠰᠡᠨ

ᠮᠢᠨᠤ ᠮᠤᠩᠭ᠋ᠤᠯ ᠵᠠᠶᠠᠭ᠎ᠠ

ᠬᠠᠯᠠᠭᠤᠨ ᠭᠤᠯᠤᠮᠳᠠ ᠪᠠᠨ

ᠬᠠᠢ᠌ᠷᠠᠳᠤ ᠨᠤᠳᠤᠭ ᠲᠠᠭᠠᠨ ᠭᠡᠰᠡᠨ

ᠮᠢᠨᠤ ᠮᠤᠩᠭ᠋ᠤᠯ ᠵᠠᠶᠠᠭ᠎ᠠ

ᠬᠠᠳᠠᠭᠤ ᠵᠤᠷᠢᠭ ᠵᠢᠠᠨ

ᠳᠡᠦᠭᠡ ᠳᠤ ᠣᠨᠢᠰᠤᠯᠠᠭᠰᠠᠨ

ᠮᠢᠨᠤ ᠮᠤᠩᠭ᠋ᠤᠯ ᠵᠠᠶᠠᠭ᠎ᠠ

ᠬᠠᠷᠪᠣᠬᠤ ᠨᠤᠮᠤ ᠪᠠᠨ

ᠳᠠᠷᠠᠮ① ᠳᠤ ᠡᠯᠭᠦᠭ᠍ᠰᠡᠨ

ᠮᠢᠨᠤ ᠮᠤᠩᠭ᠋ᠤᠯ ᠵᠠᠶᠠᠭ᠎ᠠ

ᠬᠤᠨᠢ ᠪᠠᠨ ᠬᠠᠷᠢᠭᠤᠯᠳᠠᠭ

ᠪᠣᠷᠤᠭᠵᠢᠭᠤᠨ ᠠᠮᠢᠳᠤᠷᠠᠯ ᠳᠠᠢ

ᠮᠢᠨᠤ ᠮᠤᠩᠭ᠋ᠤᠯ ᠵᠠᠶᠠᠭ᠎ᠠ

ᠬᠣᠢ᠌ᠷᠮᠤᠭ ᠶᠢᠡᠨ ᠣᠤᠭᠤᠳᠠᠭ

ᠪᠦᠳᠦᠨ ᠰᠠᠨᠠᠭ᠎ᠠ ᠳᠠᠢ

ᠮᠢᠨᠤ ᠮᠤᠩᠭ᠋ᠤᠯ ᠵᠠᠶᠠᠭ᠎ᠠ

ᠬᠣᠢ᠌ᠨᠠᠭᠢ ᠪᠠᠨ ᠪᠣᠳᠤᠳᠠᠭ ᠥᠭᠡᠢ

ᠭᠡᠨᠡᠨ ᠣᠬᠠᠭᠠᠨ ᠳᠠᠢ

ᠮᠢᠨᠤ ᠮᠤᠩᠭ᠋ᠤᠯ ᠵᠠᠶᠠᠭ᠎ᠠ

ᠬᠤᠯᠵᠢᠭᠰᠠᠨ ᠶᠢᠡᠨ ᠡᠨᠡᠷᠢᠳᠡᠭ᠌ ᠥᠭᠡᠢ

ᠪᠣᠷᠬᠠᠨ ᠰᠠᠨᠠᠭ᠎ᠠ ᠳᠠᠢ

ᠮᠢᠨᠤ ᠮᠤᠩᠭ᠋ᠤᠯ ᠵᠠᠶᠠᠭ᠎ᠠ

ᠰᠤᠶᠤᠯᠵᠢᠭᠰᠠᠨ ᠨᠢ ᠣᠭ ᠶᠢᠡᠨ ᠮᠠᠷᠳᠠᠭᠰᠠᠨ

ᠳᠡᠭᠡᠭᠦᠷ ᠰᠠᠨᠠᠭ᠎ᠠ ᠳᠠᠢ

ᠮᠢᠨᠤ ᠮᠤᠩᠭ᠋ᠤᠯ ᠵᠠᠶᠠᠭ᠎ᠠ

ᠰᠤᠭᠳᠤᠭᠠᠤᠨ ᠦᠨᠳᠦᠰᠦ ᠪᠠᠨ ᠮᠠᠯᠳᠠᠭᠰᠠᠨ

ᠳᠠᠯᠳᠠᠷ ᠣᠬᠠᠭᠠᠨ ᠳᠠᠢ

ᠮᠢᠨᠤ ᠮᠤᠩᠭ᠋ᠤᠯ ᠵᠠᠶᠠᠭ᠎ᠠ

ᠪᠠᠶᠠᠨ ᠨᠢ ᠬᠠᠳᠠᠭᠤᠴᠢ ᠪᠦᠯᠳᠡᠭ

ᠦᠯᠦᠰᠭᠦᠯᠡᠩ ᠰᠠᠨᠠᠭ᠎ᠠ ᠳᠠᠢ

ᠮᠢᠨᠤ ᠮᠤᠩᠭ᠋ᠤᠯ ᠵᠠᠶᠠᠭ᠎ᠠ

ᠶᠠᠳᠠᠭᠤ ᠨᠢ ᠥᠭᠯᠢᠭ᠍ᠴᠢ ᠪᠣᠯᠳᠠᠭ

ᠴᠠᠳᠬᠤᠯᠠᠩ ᠰᠡᠳᠭᠢᠯ ᠳᠠᠢ

ᠮᠢᠨᠤ ᠮᠤᠩᠭ᠋ᠤᠯ ᠵᠠᠶᠠᠭ᠎ᠠ

ᠨᠤᠶᠠᠨ ᠨᠢ ᠨᠢᠷᠤᠭᠤ ᠪᠠᠨ ᠡᠭᠦᠷᠡᠭ᠍ᠰᠡᠨ

ᠪᠦᠳᠦᠭᠦᠨ ᠭᠡᠪᠠᠯᠢ ᠲᠡᠶ

ᠮᠢᠨᠤ ᠮᠤᠩᠭ᠋ᠤᠯ ᠵᠠᠶᠠᠭ᠎ᠠ

ᠨᠤᠮᠤᠬᠠᠨ ᠨᠢ ᠨᠤᠭᠳᠤ ᠪᠠᠨ ᠡᠭᠦᠷᠳᠡᠭ᠌

ᠶᠠᠪᠠᠭᠠᠨ ᠮᠦᠷ ᠳᠠᠢ

ᠮᠢᠨᠤ ᠮᠤᠩᠭ᠋ᠤᠯ ᠵᠠᠶᠠᠭ᠎ᠠ

ᠦᠪᠡᠷ ᠤᠨ ᠶᠠᠭᠤᠮ᠎ᠠ ᠪᠠᠨ

ᠡᠯᠡᠰᠤᠨ ᠳᠤ ᠪᠣᠳᠤᠳᠠᠭ

ᠮᠢᠨᠤ ᠮᠤᠩᠭ᠋ᠤᠯ ᠵᠠᠶᠠᠭ᠎ᠠ

ᠦᠷᠦᠭᠡᠯ ᠤᠨ ᠶᠠᠭᠤᠮ᠎ᠠ ᠵᠢ

ᠠᠯᠳᠠᠨ ᠳᠤ ᠪᠣᠳᠤᠳᠠᠭ

ᠮᠢᠨᠤ ᠮᠤᠩᠭ᠋ᠤᠯ ᠵᠠᠶᠠᠭ᠎ᠠ

ᠥᠭᠡᠳᠡᠯᠡᠨ ᠳᠡᠪᠰᠢᠭ᠍ᠰᠡᠳ ᠲᠡᠭᠡᠨ

ᠠᠳᠠᠭᠠᠷᠬᠠᠨ ᠰᠠᠭᠤᠳᠠᠭ

ᠮᠢᠨᠤ ᠮᠤᠩᠭ᠋ᠤᠯ ᠵᠠᠶᠠᠭ᠎ᠠ

ᠣᠷᠤᠭᠤᠳᠠᠵᠤ ᠳᠤᠷᠣᠢ᠌ᠳᠠᠭᠰᠠᠤᠨ ᠵᠢᠠᠨ

ᠡᠯᠡᠭᠯᠡᠨ ᠶᠠᠪᠣᠳᠠᠭ

ᠮᠢᠨᠤ ᠮᠤᠩᠭ᠋ᠤᠯ ᠵᠠᠶᠠᠭ᠎ᠠ

ᠥᠭᠦᠭ᠍ᠰᠡᠨ ᠵᠢᠠᠨ

ᠰᠠᠢ᠌ᠨ ᠭᠡᠳᠡᠭ᠌

ᠮᠢᠨᠤ ᠮᠤᠩᠭ᠋ᠤᠯ ᠵᠠᠶᠠᠭ᠎ᠠ

ᠥᠭᠡᠢ᠌ᠷᠡᠭ᠍ᠰᠡᠨ ᠵᠢᠠᠨ

ᠮᠠᠭᠤ ᠭᠡᠳᠡᠭ᠌

ᠮᠢᠨᠤ ᠮᠤᠩᠭ᠋ᠤᠯ ᠵᠠᠶᠠᠭ᠎ᠠ

ᠦᠨᠡᠨ ᠶᠢᠡᠨ ᠭᠡᠯᠡᠵᠤ

ᠪᠠᠯᠡᠨ ᠶᠢᠡᠨ ᠢᠳᠡᠭ᠍ᠰᠡᠨ

ᠮᠢᠨᠤ ᠮᠤᠩᠭ᠋ᠤᠯ ᠵᠠᠶᠠᠭ᠎ᠠ

ᠥᠭᠡᠷ ᠶᠢᠡᠨ ᠣᠨᠤᠵᠤ

ᠳᠠᠤᠯᠠᠢ ᠭᠦᠭᠡᠭᠡᠭ᠍ᠰᠡᠨ

ᠮᠢᠨᠤ ᠮᠤᠩᠭ᠋ᠤᠯ ᠵᠠᠶᠠᠭ᠎ᠠ

ᠠᠳᠬᠤᠨ ᠳ᠋ᠠᠭᠢ ᠶᠠᠭᠤᠮ᠎ᠠ ᠪᠠᠨ

ᠡᠷᠭᠢᠮᠨᠡᠵᠤ ᠰᠠᠨᠠᠳᠠᠭ ᠥᠭᠡᠢ

ᠮᠢᠨᠤ ᠮᠤᠩᠭ᠋ᠤᠯ ᠵᠠᠶᠠᠭ᠎ᠠ

ᠠᠯᠳᠠᠵᠤ ᠬᠤᠴᠤᠷᠤᠭᠠᠤᠨ

ᠬᠠᠷᠠᠮᠰᠠᠨ ᠰᠠᠭᠤᠳᠠᠭ

ᠮᠢᠨᠤ ᠮᠤᠩᠭ᠋ᠤᠯ ᠵᠠᠶᠠᠭ᠎ᠠ

ᠠᠪᠣ ᠶᠢᠨ ᠶᠢᠡᠨ ᠰᠠᠢ᠌ᠨ ᠵᠢᠡᠷ

ᠭᠦᠮᠤᠨ ᠳᠠᠨᠢᠳᠠᠭ

ᠮᠢᠨᠤ ᠮᠤᠩᠭ᠋ᠤᠯ ᠵᠠᠶᠠᠭ᠎ᠠ

ᠠᠭᠳᠠ ᠶᠢᠨ ᠰᠠᠢ᠌ᠨ ᠵᠢᠠᠷ

ᠭᠠᠵᠠᠷ ᠳᠠᠨᠢᠳᠠᠭ

ᠮᠢᠨᠤ ᠮᠤᠩᠭ᠋ᠤᠯ ᠵᠠᠶᠠᠭ᠎ᠠ

ᠮᠠᠭᠤ ᠪᠠᠨ ᠭᠡᠯᠡᠪᠠᠯ

ᠰᠡᠢ᠌ᠨ ᠨᠢ ᠢᠷᠠᠨ᠎ᠠ ᠭᠡᠰᠡᠨ

ᠮᠢᠨᠤ ᠮᠤᠩᠭ᠋ᠤᠯ ᠰᠡᠳᠭᠢᠯ

ᠮᠦᠨᠳᠤᠷ ᠲᠤ ᠴᠤᠭᠢᠭᠤᠯᠪᠠᠯ

ᠲ᠋ᠠᠭᠠᠷᠬᠤ ᠪᠠᠨ ᠮᠠᠳᠠᠨ᠎ᠠ ᠭᠡᠰᠡᠨ

ᠮᠢᠨᠤ ᠮᠤᠩᠭ᠋ᠤᠯ ᠢᠳᠡᠭᠡᠯ

ᠮᠤᠷᠢᠨ ᠡᠴᠡ ᠪᠠᠨ ᠪᠠᠭᠤᠵᠤ

ᠮᠠᠠᠳᠤᠯᠴᠠᠵᠤ ᠶᠠᠪᠣᠶ᠎ᠠ ᠭᠡᠰᠡᠨ

ᠮᠢᠨᠤ ᠮᠤᠩᠭ᠋ᠤᠯ ᠰᠠᠨᠠᠭ᠎ᠠ

ᠮᠥᠩᠭᠡ ᠭᠠᠯ ᠵᠢᠠᠨ

ᠡᠭᠦᠷᠢᠳᠡ ᠳᠦᠷᠡᠯᠵᠢᠭᠦᠯᠦᠶ᠎ᠡ ᠭᠡᠰᠡᠨ

ᠮᠢᠨᠤ ᠮᠤᠩᠭ᠋ᠤᠯ ᠭᠦᠰᠡᠯ ᠡ


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠪᠠᠶᠠᠠᠭᠤᠤᠯ ᠵᠸᠤ ᠶᠢᠨ ᠳᠸᠯᠸᠰ ᠬᠤᠷᠢᠶ᠎ᠠ

ᠵᠤᠬᠢᠶᠠᠭᠴᠢ᠄ ᠰ·ᠪᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2010 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ