ᠨᠡᠪᠲᠡᠷᠡᠨ ᠤᠷᠤᠬᠤ
ᠠᠨᠢᠷ ᠦᠭᠡᠶ ᠶᠢᠨ ᠳᠤᠮᠳᠠ

ᠠᠨᠢᠰᠬᠠᠨ ᠭᠦᠮᠦᠰᠭᠡ ᠰᠢᠭ᠌ ᠰᠠᠷᠠᠨ ᠭᠡᠷᠡᠯ ᠳᠤᠶᠠᠭᠠᠷᠠᠭᠠᠤᠨ

ᠠᠳᠤᠭᠤ ᠪᠠᠨ ᠬᠤᠷᠢᠶᠠᠭᠰᠠᠨ ᠠᠪᠣ ᠮᠢᠨᠢ ᠣᠷᠤᠢ ᠪᠣᠴᠠᠭᠠᠤᠨ

ᠠᠩᠭᠢᠯᠤᠮ᠎ᠠ ᠰᠠᠢ᠌ᠬᠠᠨ ᠳᠠᠯ᠎ᠠ ᠶᠢᠨ ᠦᠨᠦᠷ ᠲᠤ ᠪᠠᠨ ᠬᠤᠳᠠᠯᠠ ᠪᠠᠶᠠᠰᠤᠭᠠᠤᠨ

ᠠᠨᠢᠷ ᠦᠭᠡᠶ ᠶᠢᠨ ᠳᠤᠮᠳᠠ ᠠᠵᠠ ᠵᠢᠷᠭᠠᠯ ᠰᠡᠮᠭᠡᠨ ᠰᠠᠭᠠᠳᠠᠨ᠎ᠠ᠃


ᠬᠤᠷᠯᠤ ᠭᠦᠷᠳᠤ ᠰᠢᠭ᠌ ᠨᠠᠷᠠᠨ ᠰᠠᠴᠤᠷᠠᠭ ᠶᠠᠭᠠᠷᠠᠭᠠᠤᠨ

ᠬᠤᠭᠤᠯᠠ ᠪᠠᠨ ᠪᠡᠯᠡᠳᠭᠡᠭ᠍ᠰᠡᠨ ᠡᠵᠢ ᠮᠢᠨᠢ ᠦᠷ ᠶᠢᠡᠷ ᠪᠣᠰᠤᠭᠠᠤᠨ

ᠰᠠᠩᠭᠢᠨᠠᠮ᠎ᠠ ᠰᠠᠢ᠌ᠬᠠᠨ ᠰᠦ᠋ ᠶᠢᠨ ᠦᠨᠦᠷ ᠲᠤ ᠳᠠᠶᠠᠭᠠᠷ ᠮᠥᠰᠢᠶᠡᠭᠡᠳ

ᠰᠠᠪ ᠵᠠᠪ ᠦᠭ‍ᠭᠦᠯ ᠦᠭᠡᠶ ᠰᠡᠢ᠌ᠮᠦᠭᠡᠨ ᠵᠠᠶᠠᠭ᠎ᠠ ᠭᠡᠢ᠌ᠭᠡᠨ᠎ᠡ᠃


ᠰᠤᠪᠣᠤᠨ ᠰᠠᠠᠵᠢᠯᠠᠭ᠎ᠠ ᠰᠢᠭ ᠣᠳᠤᠳ ᠭᠢᠯᠠᠰ ᠳᠠᠳᠠᠭᠠᠤᠨ

ᠰᠤᠷᠳᠠᠯ ᠳᠡᠭᠡᠵᠢᠯᠡᠭ᠍ᠰᠡᠨ ᠡᠪᠦᠭᠡ ᠮᠢᠨᠢ ᠬᠠᠭᠤᠴᠢ ᠭᠦᠭᠡᠷᠦᠭᠡᠳ

ᠰᠤᠷᠭᠠᠯ ᠰᠠᠢ᠌ᠬᠠᠨ ᠳᠡᠭᠡᠳᠦᠰ ᠤᠨ ᠦᠪ ᠶᠢᠡᠨ ᠣᠯᠠᠮᠵᠢᠯᠠᠭᠠᠤᠨ

ᠰᠤᠤ ᠵᠠᠯᠢ ᠰᠤᠳᠤᠨ ᠣᠢ᠌ᠯᠠ ᠪᠠᠷ ᠰᠤᠶᠤᠯ ᠤᠨ ᠮᠦᠷ ᠵᠢᠭᠠᠨ᠎ᠠ᠃


ᠠᠨᠢᠷ ᠦᠭᠡᠶ ᠶᠢᠨ ᠳᠤᠮᠳᠠ ᠠᠢ᠌ᠯ ᠭᠡᠷ ᠠᠮᠤᠷ ᠵᠢᠷᠭᠠᠯᠠᠩ

ᠠᠰᠢᠳᠠ ᠶᠢᠨ ᠳᠠᠪᠢᠯᠠᠩ ᠭᠡᠢ ᠮᠤᠷᠢ ᠦᠨᠢᠳᠠ ᠵᠢᠪᠬᠤᠯᠠᠩ

ᠠᠭᠠᠷ ᠳᠡᠯᠡᠭᠡᠢ ᠨᠠᠷᠠᠨ ᠰᠠᠷᠠᠨ ᠣᠳᠤᠨ ᠭᠢᠯᠠᠯᠵᠠᠭᠠᠤᠨ

ᠠᠭᠤᠰᠴᠤ ᠣᠷᠤᠰᠢᠬᠤ ᠮᠤᠩᠭ᠋ᠤᠯ ᠪᠠᠢ᠌ᠭᠠᠯᠢ ᠮᠥᠩᠭᠡ ᠳᠡᠨᠢᠭᠦᠨ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2803
ᠴᠠᠭ᠄ 2013 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ