☆ ᠬᠦᠬᠡᠳᠠᠪᠠᠯᠭᠠᠨ
ᠭᠡᠵᠢᠭᠡ ᠪᠣᠭᠤᠷᠤᠯ ᠭᠦᠮᠤᠨ ᠤ ᠰᠡᠳᠭᠢᠯ ᠰᠠᠷᠠᠭᠤᠯ
ᠳᠦᠯ ᠤᠨ ᠮᠠᠢ᠌ᠯᠠᠯᠭᠠᠨ ᠲᠡᠶ ᠳᠡᠯᠭᠡᠷ ᠳᠦᠷᠪᠡᠨ ᠰᠠᠷ᠎ᠠ
ᠳᠠᠯ᠎ᠠ ᠶᠢᠨ ᠨᠤᠭᠤᠭ᠎ᠠ ᠶᠢ ᠴᠢᠮᠭᠢᠵᠤ ᠬᠣᠢ᠌ᠮᠤᠷ ᠲᠤ ᠰᠠᠭᠠᠳᠠᠪᠠ
ᠵᠡᠷᠭᠡᠯᠭᠡᠨ ᠶᠢᠡᠨ ᠨᠠᠭᠠᠳᠤᠭᠤᠯᠤᠨ
ᠵᠠᠶᠠᠭᠠᠨ ᠤ ᠬᠤᠳᠤᠭ ᠨᠡᠮᠡᠭ᠍ᠰᠡᠭᠡᠷ
ᠵᠡᠭᠦᠳᠤ ᠭᠦᠰᠡᠯ ᠳᠡᠷᠪᠠᠭᠦᠯᠦᠭ᠍ᠰᠡᠨ
ᠣᠨ ᠵᠢᠯ ᠵᠦᠩᠨᠠᠯ ᠬᠠᠢ᠌ᠯᠠᠪᠠ᠃
ᠳᠦᠴᠢ ᠶᠢᠰᠤ ᠶᠢᠨ ᠳᠦᠭᠦᠷᠡᠩ ᠣᠢ ᠪᠠᠨ ᠪᠢ ᠦᠪᠯᠠᠪᠠ
ᠳᠠᠪᠢᠳᠠᠭᠢ ᠨᠤᠭᠤᠭᠠᠨ ᠳᠠᠭᠠᠨ ᠪᠢ ᠵᠤᠯᠭᠠᠪᠠ᠂
ᠳᠤᠭᠤᠵᠤ ᠣᠩᠰᠢᠭᠰᠠᠨ ᠳᠤᠭᠤᠵᠢᠰ ᠥᠯᠢᠭᠡᠷ ᠵᠠᠯᠭᠠᠪᠠ
ᠳᠠᠪᠬᠤᠷ ᠴᠡᠭ᠌ ᠦᠭᠡᠶ ᠷᠤᠮᠠᠨ ᠪᠠᠭᠠᠳᠤᠷ ᠲᠦᠷᠦᠪᠠ᠃
ᠰᠠᠭᠤᠳᠠᠯ ᠰᠠᠢ᠌ᠳᠠᠢ ᠡᠪᠦᠭᠡ ᠶᠢᠨ ᠦᠷ᠎ᠡ ᠨᠢ ᠪᠢᠯᠠ ᠪᠢ︕
ᠰᠤᠷᠭᠠᠯ ᠬᠠᠳᠠᠭᠤ ᠠᠪᠣ ᠶᠢᠨ ᠭᠦᠤ ᠨᠢ ᠪᠢᠯᠠ ᠪᠢ︕
ᠰᠠᠨᠠᠯ ᠶᠡᠭᠡᠳᠡᠢ ᠡᠮᠡᠭᠡ ᠶᠢᠨ ᠬᠠᠢ᠌ᠷ᠎ᠠ ᠨᠢ ᠪᠢᠯᠠ ᠪᠢ︕
ᠰᠡᠳᠭᠢᠯ ᠪᠠᠶᠠᠨ ᠡᠵᠢ ᠶᠢᠨ ᠵᠢᠷᠦᠭᠡ ᠨᠢ ᠪᠢᠯᠠ ᠪᠢ︕
ᠦᠨᠡᠨ ᠢ ᠰᠤᠷᠴᠤ
ᠥᠵᠡᠭ᠍ᠰᠡᠨ ᠶᠢᠡᠨ ᠭᠡᠯᠡᠭ᠍ᠰᠡᠭᠡᠷ
ᠥᠰᠦᠭ᠍ᠰᠡᠨ ᠪᠢᠯᠠ
ᠥᠭᠡᠨ ᠳᠤ ᠥᠭᠦᠭᠡ ᠦᠭᠡᠶ
ᠰᠥᠭᠡᠨ ᠳᠤ ᠰᠥᠭᠦᠷᠡᠳᠡᠭ᠌ ᠦᠭᠡᠶ
ᠡᠷ᠎ᠡ ᠪᠢᠯᠠ
ᠦᠷ ᠨᠠᠭᠠᠰᠢᠯᠠᠬᠤ ᠪᠠᠷ ᠦᠵᠡᠵᠤ ᠮᠡᠳᠡᠭᠦ ᠣᠯᠠᠮ ᠳᠤᠳᠤᠷᠠᠵᠤ ᠪᠢᠯᠠ
ᠦᠰᠦ ᠭᠢᠷᠠᠭᠤᠳᠠᠬᠤ ᠪᠠᠷ ᠣᠢ ᠪᠢᠯᠢᠭ᠌ ᠣᠯᠠᠮ ᠰᠠᠷᠠᠭᠤᠯᠵᠢᠵᠤ ᠪᠢᠯᠠ
ᠠᠯᠳᠠᠷ ᠴᠤᠤ ᠶᠢ ᠣᠪᠣᠭ ᠨᠠᠷᠠ ᠲᠡᠶ ᠪᠠᠨ ᠬᠤᠯᠪᠤᠨ ᠠᠮᠢᠳᠤᠷᠠᠵᠤ ᠪᠢᠯᠠ
ᠠᠳᠠᠭ᠎ᠠ ᠵᠥᠭᠡᠯ ᠢ ᠠᠬ᠎ᠠ ᠳᠡᠭᠦᠤ ᠰᠠᠳᠤᠨ ᠳᠠᠭᠠᠨ ᠬᠠᠪᠢᠳᠠᠭᠤᠯᠤᠭᠠ ᠦᠭᠡᠶ ᠪᠢᠯᠠ
ᠠᠮᠠᠷᠠᠭ ᠪᠦᠰᠡᠭᠦᠢ ᠲᠡᠶ ᠪᠠᠨ ᠠᠮᠠ ᠪᠣᠯᠢᠶᠠᠯᠴᠠᠵᠤ ᠥᠵᠡᠭᠡ ᠦᠭᠡᠶ ᠪᠢᠯᠠ
ᠠᠮᠢᠨ ᠬᠤᠶᠠᠷ ᠦᠷ᠎ᠡ ᠳᠡᠭᠡᠨ ᠭᠡᠯᠪᠠᠢ᠌ᠭᠦᠤ ᠵᠢᠭᠠᠭ᠎ᠠ ᠦᠭᠡᠶ ᠪᠢᠯᠠ᠃
ᠭᠦᠷᠦᠩᠭᠡ ᠮᠦᠩᠭᠦ ᠭᠦᠮᠤᠨ ᠡᠴᠠ ᠳᠤᠠᠳᠠᠭᠤᠷ ᠭᠡᠮᠡᠨ ᠴᠢᠮᠠᠯᠠᠭᠠ ᠦᠭᠡᠶ
ᠭᠦᠳᠡᠯᠮᠦᠷᠢᠴᠢ ᠭᠤᠤᠯᠴᠢ ᠪᠠᠨ ᠪᠠᠷᠢᠮᠳᠠᠯᠠᠷᠤᠨ
ᠬᠠᠵᠠᠭᠠᠢ ᠭᠡᠯᠳᠡᠭᠡᠢ ᠭᠢᠰᠭᠢᠭᠡ ᠦᠭᠡᠶ
ᠭᠦᠰᠡᠯ ᠪᠢᠰᠢᠷᠠᠯ ᠳᠡᠭᠡᠨ ᠢᠳᠡᠭᠡᠨ
ᠬᠣᠢ᠌ᠰᠢ ᠦᠭᠡᠶ ᠵᠢᠦᠡᠭᠦᠭᠡᠳ
ᠭᠦᠭ᠍ᠰᠢᠷᠡᠭᠦ ᠶᠢᠨ ᠵᠠᠮ ᠶᠢᠡᠨ ᠡᠯᠭᠦᠭᠦᠶᠡ
ᠭᠡᠵᠢᠭᠡ ᠪᠣᠭᠤᠷᠤᠯᠳᠤᠪᠠᠴᠤ ᠰᠡᠳᠭᠢᠯ ᠬᠠᠷᠢᠠᠴᠤ ᠠᠭᠤᠵᠢᠮ᠃
ᠳᠦᠴᠢ ᠶᠢᠰᠤ ᠶᠢᠨ ᠳᠦᠭᠦᠷᠡᠩ ᠣᠢ ᠪᠠᠨ ᠪᠢ ᠦᠪᠯᠠᠪᠠ
ᠳᠠᠪᠢᠳᠠᠭᠢ ᠵᠤᠨ ᠳᠠᠭᠠᠨ ᠪᠢ ᠵᠤᠯᠭᠠᠪᠠ᠂
ᠳᠤᠭᠤᠵᠤ ᠣᠩᠰᠢᠭᠰᠠᠨ ᠳᠤᠭᠤᠵᠢᠰ ᠥᠯᠢᠭᠡᠷ ᠵᠠᠯᠭᠠᠪᠠ
ᠳᠠᠪᠬᠤᠷ ᠴᠡᠭ᠌ ᠦᠭᠡᠶ ᠷᠤᠮᠠᠨ ᠪᠠᠭᠠᠳᠤᠷ ᠲᠦᠷᠦᠪᠠ᠃
ᠵᠤᠬᠢᠶᠠᠭᠴᠢ ᠶᠢᠨ ᠬᠠᠶᠢᠭ᠄ ᠪᠠᠭᠠᠷᠢᠨ ᠪᠠᠷᠠᠭᠤᠨ ᠬᠤᠰᠢᠭᠤᠨ ᠤᠣᠯᠤᠰ ᠲᠦᠷᠦ ᠶᠢᠨ ᠵᠥᠪᠯᠡᠯᠭᠡᠨ
ᠵᠤᠬᠢᠶᠠᠭᠴᠢ᠄ ᠬᠦᠬᠡᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ