☆ ᠨᠠ᠊·ᠬᠦᠬᠡᠰᠢᠭᠤᠢ
ᠡᠷ᠎ᠡ ᠡᠮ᠎ᠡ ᠰᠢᠯᠦᠭ
ᠨᠢᠭᠡ
ᠬᠠᠢ᠌ᠷᠠᠯᠠᠵᠤ ᠰᠠᠨᠠᠨ᠎ᠠ ᠭᠡᠵᠤ ᠴᠤᠭ ᠰᠠᠭᠤᠭᠰᠠᠨ ᠬᠤᠶᠠᠷ ᠢ
ᠡᠷ᠎ᠡ ᠡᠮ᠎ᠡ ᠭᠡᠨ᠎ᠡ
ᠬᠠᠷᠠᠳᠠᠵᠤ ᠰᠡᠵᠢᠭᠯᠡᠨ᠎ᠡ ᠭᠡᠵᠤ ᠬᠠᠮᠳᠤ ᠠᠮᠢᠳᠤᠷᠠᠭᠰᠠᠨ ᠬᠤᠶᠠᠷ ᠢ
ᠡᠷ᠎ᠡ ᠡᠮ᠎ᠡ ᠭᠡᠨ᠎ᠡ
ᠬᠤᠶᠠᠷ
ᠬᠤᠶᠠᠷ ᠵᠢᠷᠦᠭᠡ ᠪᠠᠷ ᠨᠡᠢ᠌ᠯᠡᠭ᠍ᠰᠡᠨ ᠳᠤᠷᠠᠯᠠᠯ ᠢ
ᠡᠷ᠎ᠡ ᠡᠮ᠎ᠡ ᠭᠡᠨ᠎ᠡ
ᠬᠤᠤᠰ ᠡᠯᠢᠭᠡ ᠪᠠᠷ ᠬᠠᠰᠢᠭᠰᠠᠨ ᠬᠠᠢ᠌ᠷ᠎ᠠ ᠵᠢ
ᠡᠷ᠎ᠡ ᠡᠮ᠎ᠡ ᠭᠡᠨ᠎ᠡ
ᠭᠤᠷᠪᠠ
ᠵᠢᠷᠭᠠᠯ ᠵᠤᠪᠠᠯᠠᠩ ᠶᠢᠡᠨ ᠬᠤᠪᠢᠶᠠᠯᠴᠠᠳᠠᠭ ᠬᠤᠶᠠᠷ ᠢ
ᠡᠷ᠎ᠡ ᠡᠮ᠎ᠡ ᠭᠡᠨ᠎ᠡ
ᠵᠠᠶᠠᠭ᠎ᠠ ᠳᠠᠪᠢᠯᠠᠩ ᠶᠢᠡᠨ ᠬᠠᠮᠳᠤᠤᠠᠬᠠᠳᠠᠭ ᠬᠤᠶᠠᠷ ᠢ
ᠡᠷ᠎ᠡ ᠡᠮ᠎ᠡ ᠭᠡᠨ᠎ᠡ
ᠳᠦᠷᠪᠡ
ᠢᠴᠢᠵᠤ ᠰᠢᠷᠪᠠᠭᠡᠳᠦᠭᠦ ᠦᠭᠡᠶ ᠴᠤᠭ ᠬᠤᠨᠤᠳᠠᠭ ᠬᠤᠶᠠᠷ ᠢ
ᠡᠷ᠎ᠡ ᠡᠮ᠎ᠡ ᠭᠡᠨ᠎ᠡ
ᠢᠴᠢᠵᠤ ᠰᠢᠷᠪᠠᠭᠡᠳᠦᠭᠡᠤᠨ ᠬᠠᠮᠳᠤ ᠰᠡᠷᠢᠳᠡᠭ᠌ ᠬᠤᠶᠠᠷ ᠢ
ᠡᠷ᠎ᠡ ᠡᠮ᠎ᠡ ᠭᠡᠨ᠎ᠡ
ᠳᠠᠪᠣ
ᠦᠰᠦ ᠪᠠᠨ ᠬᠤᠯᠪᠣᠭᠠᠤᠨ ᠭᠠᠯ ᠳᠤ ᠮᠥᠷᠭᠦᠭ᠍ᠰᠡᠨ ᠬᠤᠶᠠᠷ ᠢ
ᠡᠷ᠎ᠡ ᠡᠮ᠎ᠡ ᠭᠡᠨ᠎ᠡ
ᠦᠰᠦ ᠪᠠᠨ ᠠᠪᠣᠯᠴᠠᠭᠠᠤᠨ ᠭᠠᠯ ᠭᠠᠷᠳᠠᠯ᠎ᠠ ᠭᠡᠷᠡᠭᠦᠯᠳᠡᠳᠡᠭ᠌ ᠬᠤᠶᠠᠷ ᠢ
ᠡᠷ᠎ᠡ ᠡᠮ᠎ᠡ ᠭᠡᠨ᠎ᠡ
ᠵᠢᠷᠭᠤᠭ᠎ᠠ
ᠬᠤᠷᠸ᠎ᠠ ᠳᠤ ᠭᠠᠭᠴᠠᠬᠠᠨ ᠴᠢᠮᠢ᠋ᠢ ᠭᠡᠵᠤ
ᠭᠤᠶᠤ ᠬᠤᠳᠠᠯ ᠭᠡᠯᠡᠳᠡᠭ᠌ ᠬᠤᠶᠠᠷ ᠢ
ᠡᠷ᠎ᠡ ᠡᠮ᠎ᠡ ᠭᠡᠨ᠎ᠡ
ᠬᠤᠵᠢᠮ ᠨᠢ ᠥᠭᠡᠷ᠎ᠡ ᠨᠢᠭᠡ ᠶᠢ ᠳᠤᠭᠤᠴᠢᠬᠠᠭᠠᠤᠨ
ᠭᠤᠪ ᠬᠤᠪ ᠶᠢᠡᠨ ᠳᠠᠷᠤᠳᠠᠭ ᠬᠤᠶᠠᠷ ᠢ
ᠡᠷ᠎ᠡ ᠡᠮ᠎ᠡ ᠭᠡᠨ᠎ᠡ
ᠳᠤᠯᠤᠭ᠎ᠠ
ᠠᠶᠠᠭ᠎ᠠ ᠰᠢᠨᠠᠭ᠎ᠠ ᠠᠪᠣᠭᠠᠤᠨ
ᠠᠢ᠌ᠯ ᠪᠣᠯᠳᠠᠭ ᠬᠤᠶᠠᠷ ᠢ
ᠡᠷ᠎ᠡ ᠡᠮ᠎ᠡ ᠭᠡᠨ᠎ᠡ
ᠠᠶᠠᠭ᠎ᠠ ᠰᠢᠨᠠᠭ᠎ᠠ ᠪᠠᠨ ᠪᠠᠯᠪᠠᠯᠠᠭᠠᠤᠨ
ᠠᠢ᠌ᠯᠤᠤ ᠪᠣᠯᠳᠠᠭ ᠬᠤᠶᠠᠷ ᠢ
ᠡᠷ᠎ᠡ ᠡᠮ᠎ᠡ ᠭᠡᠨ᠎ᠡ
ᠨᠢ᠋ᠮᠠ
ᠦᠷ᠎ᠡ ᠴᠤᠷᠪᠣᠭ᠎ᠠ ᠪᠠᠨ ᠥᠰᠭᠡᠨ᠎ᠡ ᠭᠡᠵᠤ
ᠦᠰᠦ ᠪᠠᠨ ᠳᠡᠭᠦᠳᠡᠭ᠌ ᠬᠤᠶᠠᠷ ᠢ
ᠡᠷ᠎ᠡ ᠡᠮ᠎ᠡ ᠭᠡᠨ᠎ᠡ
ᠦᠷ᠎ᠡ ᠭᠡᠦᠭᠡᠤᠨ ᠶᠢᠡᠨ ᠶᠠᠪᠣᠭᠤᠯᠤᠭᠠᠤᠨ
ᠦᠨᠦᠴᠢᠷᠠᠵᠤ ᠬᠤᠴᠤᠷᠳᠠᠭ ᠬᠤᠶᠠᠷ ᠢ
ᠡᠷ᠎ᠡ ᠡᠮ᠎ᠡ ᠭᠡᠨ᠎ᠡ
ᠶᠢᠰᠤ
ᠨᠡᠭᠡᠯ ᠬᠠᠳᠠᠭᠤ ᠠᠮᠢᠳᠤᠷᠠᠯ ᠢ ᠳᠠᠭᠠᠭᠠᠳᠠᠭ
ᠨᠢᠩᠵᠢᠨ ᠰᠠᠤᠠᠭᠢᠯᠳᠤ ᠬᠤᠶᠠᠷ ᠢ
ᠡᠷ᠎ᠡ ᠡᠮ᠎ᠡ ᠭᠡᠨ᠎ᠡ
ᠨᠢᠭᠡᠨ ᠨᠢᠭᠡᠨ ᠤ ᠪᠠᠨ ᠥᠭᠡ ᠶᠢ ᠳᠠᠭᠠᠭᠠᠬᠤ ᠥᠭᠡᠢ
ᠨᠢᠮᠭᠡᠨ ᠪᠣᠳᠤᠯ ᠲᠡᠶ ᠬᠤᠶᠠᠷ ᠢ
ᠡᠷ᠎ᠡ ᠡᠮ᠎ᠡ ᠭᠡᠨ᠎ᠡ
ᠠᠷᠪᠠ
ᠢᠳᠡᠭᠡᠯ ᠶᠢᠡᠷ ᠪᠣᠰᠤᠭᠰᠠᠨ ᠭᠡᠷ ᠢ
ᠡᠷ᠎ᠡ ᠡᠮ᠎ᠡ ᠭᠡᠨ᠎ᠡ
ᠰᠡᠵᠢᠭᠯᠡᠯ ᠶᠢᠡᠷ ᠨᠤᠷᠠᠭᠰᠠᠨ ᠠᠰᠠᠷ ᠢ
ᠡᠷ᠎ᠡ ᠡᠮ᠎ᠡ ᠭᠡᠨ᠎ᠡ
ᠠᠷᠪᠠᠨ ᠨᠢᠭᠡ
ᠵᠤᠭᠤᠰ ᠵᠤᠭᠤᠰ ᠭᠡᠤᠨ ᠵᠢᠷᠤᠭᠠᠯᠠᠳᠠᠭ ᠬᠤᠶᠠᠷ ᠢ
ᠡᠷ᠎ᠡ ᠡᠮ᠎ᠡ ᠭᠡᠨ᠎ᠡ
ᠵᠤᠭᠤᠰ ᠶᠢᠡᠨ ᠪᠣᠯᠢᠶᠠᠯᠴᠠᠭᠠᠤᠨ ᠵᠠᠷᠭᠤᠯᠳᠤᠳᠠᠭ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠬᠤᠶᠠᠷ
ᠰᠠᠨᠠᠨ᠎ᠠ ᠰᠠᠨᠠᠨ᠎ᠠ ᠭᠡᠵᠤ ᠣᠭᠢᠯᠠᠳᠠᠭ ᠬᠤᠶᠠᠷ ᠢ
ᠡᠷ᠎ᠡ ᠡᠮ᠎ᠡ ᠭᠡᠨ᠎ᠡ
ᠰᠠᠯᠤᠨ᠎ᠠ ᠰᠠᠯᠤᠨ᠎ᠠ ᠭᠡᠵᠤ ᠠᠶᠤᠯᠭᠠᠳᠠᠭ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠭᠤᠷᠪᠠ
ᠡᠳᠦᠷ ᠠᠯᠤᠰᠯᠠᠬᠤ ᠳᠠᠢ᠌ᠨ ᠦᠭᠡᠶ ᠬᠤᠶᠠᠷ ᠢ
ᠡᠷ᠎ᠡ ᠡᠮ᠎ᠡ ᠭᠡᠨ᠎ᠡ
ᠰᠦᠨᠢ ᠠᠯᠤᠰᠯᠠᠬᠤ ᠦᠰᠢᠶ᠎ᠠ ᠦᠭᠡᠶ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠳᠦᠷᠪᠡ
ᠡᠷᠭᠡ ᠳᠡᠭ᠍ᠰᠢ ᠵᠡᠷᠭᠡᠴᠡᠨ ᠣᠷᠤᠰᠢᠬᠤ ᠬᠤᠶᠠᠷ ᠢ
ᠡᠷ᠎ᠡ ᠡᠮ᠎ᠡ ᠭᠡᠨ᠎ᠡ
ᠡᠷᠭᠡ ᠪᠣᠯᠢᠶᠠᠯᠳᠤᠭᠠᠤᠨ ᠵᠥᠭᠡᠷ ᠰᠠᠭᠤᠬᠤ ᠦᠭᠡᠶ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠳᠠᠪᠣ
ᠣᠷᠢᠳᠤ ᠶᠢᠨ ᠬᠠᠢ᠌ᠷ᠎ᠠ ᠪᠠᠨ ᠡᠷᠭᠢᠴᠡᠭᠦᠯᠭᠦ ᠳᠤᠷ᠎ᠠ ᠦᠭᠡᠶ ᠬᠤᠶᠠᠷ ᠢ
ᠡᠷ᠎ᠡ ᠡᠮ᠎ᠡ ᠭᠡᠨ᠎ᠡ
ᠥᠩᠭᠡᠷᠡᠭ᠍ᠰᠡᠨ ᠤ ᠳᠠᠩᠰᠠ ᠶᠢ ᠣᠷᠪᠠᠭᠤᠯᠤᠭᠠᠤᠨ ᠪᠠᠢ᠌ᠳᠠᠭ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠵᠢᠷᠭᠤᠭ᠎ᠠ
ᠭᠦᠮᠤᠨ ᠲᠡᠶ ᠠᠳᠠᠭᠠᠷᠬᠠᠭᠠᠤᠨ ᠮᠠᠭᠤᠳᠠᠯᠴᠠᠳᠠᠭ ᠬᠤᠶᠠᠷ ᠢ
ᠡᠷ᠎ᠡ ᠡᠮ᠎ᠡ ᠭᠡᠨ᠎ᠡ
ᠭᠦᠮᠤᠨ ᠢ ᠮᠠᠭᠤᠯᠠᠭᠠᠤᠨ ᠵᠤᠭᠢᠷᠠᠴᠢᠬᠠᠳᠠᠭ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠳᠤᠯᠤᠭ᠎ᠠ
ᠶᠠᠳᠠᠬᠤ ᠶᠢᠨ ᠦᠶ᠎ᠡ ᠳᠡᠭᠡᠨ ᠳᠦᠰᠢᠯᠴᠡᠳᠡᠭ᠌ ᠬᠤᠶᠠᠷ ᠢ
ᠡᠷ᠎ᠡ ᠡᠮ᠎ᠡ ᠭᠡᠨ᠎ᠡ
ᠶᠠᠭ ᠠᠷᠭ᠎ᠠ ᠦᠭᠡᠶ ᠦᠶ᠎ᠡ ᠳᠡᠭᠡᠨ ᠵᠠᠢ᠌ᠳᠠᠯᠴᠠᠳᠠᠭ ᠬᠤᠶᠠᠷ ᠢ
ᠡᠷ᠎ᠡ ᠡᠮ᠎ᠡ ᠭᠡᠨ᠎ᠡ
ᠠᠷᠪᠠᠨ ᠨᠢ᠋ᠮᠠ
ᠵᠠᠯᠠᠭᠤ ᠦᠶ᠎ᠡ ᠳᠡᠭᠡᠨ ᠵᠠᠢ᠌ᠳᠠᠩ ᠬᠤᠶᠠᠷ ᠢ
ᠡᠷ᠎ᠡ ᠡᠮ᠎ᠡ ᠭᠡᠨ᠎ᠡ
ᠵᠠᠭᠠᠯ ᠦᠶ᠎ᠡ ᠳᠡᠭᠡᠨ ᠰᠠᠢ᠌ᠳᠠᠩ ᠬᠤᠶᠠᠷ ᠢ
ᠡᠷ᠎ᠡ ᠡᠮ᠎ᠡ ᠭᠡᠨ᠎ᠡ
ᠠᠷᠪᠠ ᠶᠢᠰᠤ
ᠬᠤᠷᠢᠬᠠᠨ ᠰᠠᠷ᠎ᠠ ᠶᠢᠨ ᠰᠢᠨ᠎ᠠ ᠨᠡᠢ᠌ᠭᠡᠮ ᠢ
ᠡᠷ᠎ᠡ ᠡᠮ᠎ᠡ ᠭᠡᠨ᠎ᠡ
ᠬᠤᠶᠠᠷᠬᠠᠨ ᠭᠦᠮᠤᠨ ᠤ ᠬᠠᠭᠤᠴᠢᠨ ᠨᠡᠢ᠌ᠭᠡᠮ ᠢ
ᠡᠷ᠎ᠡ ᠡᠮ᠎ᠡ ᠭᠡᠨ᠎ᠡ
ᠬᠤᠷᠢ
ᠦᠰᠦᠷᠳᠠᠯ᠎ᠠ ᠭᠡᠷᠡᠭᠦᠯᠳᠡᠭᠡᠤᠨ ᠰᠠᠯᠬᠤ ᠦᠭᠡᠶ ᠬᠤᠶᠠᠷ ᠢ ᠰᠠᠶᠢ
ᠡᠷ᠎ᠡ ᠡᠮ᠎ᠡ ᠭᠡᠨ᠎ᠡ
ᠥᠭᠦᠳᠡᠯ᠎ᠡ ᠠᠮᠢᠳᠤᠷᠠᠭᠠᠤᠨ ᠰᠠᠯᠤᠯᠴᠠᠳᠠᠭ ᠬᠤᠶᠠᠷ ᠢ ᠰᠠᠶᠢ
ᠡᠷ᠎ᠡ ᠡᠮ᠎ᠡ ᠭᠡᠨ᠎ᠡ ᠁
ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3891
ᠴᠠᠭ᠄ 2005 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ