☆ ᠭᠠᠯ
ᠳᠡᠭ᠍ᠷᠢ ᠶᠢᠨ ᠭᠠᠯᠠᠭᠤ
ᠦᠯᠵᠡᠢ᠌ᠮᠦ᠋ᠷᠠᠨ ᠤ ᠭᠠᠯᠠᠭᠤ ᠣᠮᠠᠷᠠᠰᠢ ᠨᠢᠰᠤᠨ᠎ᠠ
ᠦᠨᠡᠨ ᠶᠤᠰᠤᠨ ᠤ ᠭᠢᠷᠠᠭ᠎ᠠ ᠣᠭᠳᠤᠨ
ᠦᠨᠦᠴᠢᠨ ᠭᠠᠯᠠᠭᠤ ᠣᠮᠠᠷᠠᠰᠢ ᠨᠢᠰᠤᠨ᠎ᠠ
ᠡᠩᠭᠡ ᠳᠠᠢ᠌ᠪᠣᠩ ᠤᠨ ᠠᠭᠠᠷ ᠵᠦᠰᠤᠨ
ᠡᠭᠡᠷᠡᠮ᠎ᠡ ᠬᠤᠯᠠ ᠶᠢ ᠴᠢᠭᠯᠡᠵᠤ ᠨᠢᠰᠤᠨ᠎ᠠ
ᠳᠦᠪᠠᠭ᠌ ᠭᠦᠴᠢᠷ ᠡᠭᠦᠯᠡᠨ ᠳᠤ ᠰᠢᠷᠭᠤᠨ
ᠲᠦᠮᠡᠨ ᠨᠢᠳᠤ ᠲᠡᠶ ᠣᠳᠤᠳ ᠤᠨ ᠳᠤᠮᠳᠠᠭᠤᠷ
ᠦᠣᠷ ᠤᠨ ᠳᠤᠶᠠᠭᠠᠳᠤ ᠭᠦᠰᠡᠯᠡᠩ ᠰᠠᠴᠤᠯᠠᠨ
ᠥᠨᠡᠭᠡᠨ ᠬᠠᠷᠠᠩᠭ᠋ᠤᠢ ᠶᠢ ᠦᠯᠳᠡᠨ ᠨᠢᠰᠤᠨ᠎ᠠ
ᠦᠨᠢ ᠮᠥᠩᠭᠡ ᠶᠢᠨ ᠦᠳᠦ ᠰᠤᠳᠤᠨ ᠳᠠᠭᠠᠨ
ᠦᠨᠡᠳᠤ ᠳᠤᠷᠠᠳᠬᠠᠯ ᠤᠨ ᠮᠥᠷᠦᠭᠡᠳᠦᠯ ᠴᠠᠭᠢᠯᠤᠨ
ᠳᠠᠷᠢ ᠶᠢᠨ ᠣᠳᠤᠭᠠᠨ ᠡᠴᠡ ᠰᠤᠭᠤᠷᠠᠬᠤ ᠰᠢᠭ
ᠳᠡᠭ᠍ᠷᠢ ᠶᠢᠨ ᠬᠠᠶᠠᠭ᠎ᠠ ᠶᠢ ᠴᠢᠭᠯᠡᠨ ᠨᠢᠰᠤᠨ᠎ᠠ
ᠡᠷᠭᠡ ᠴᠢᠯᠦᠭᠡ ᠡ᠊ᠨᠳᠡ ᠡᠴᠡ ᠬᠠᠮᠢᠭ᠎ᠠ ᠭᠡᠮᠡᠨ
ᠡᠷ᠎ᠡ ᠮᠦᠰᠤᠨ ᠤ ᠭᠢᠵᠠᠭᠠᠷ ᠥᠡᠳᠦᠷᠯᠢᠭ᠌ ᠲᠤ
ᠡᠮᠡᠭᠡᠯ ᠬᠠᠵᠠᠭᠠᠷ ᠲᠡᠶ ᠠᠭᠳᠠ ᠶᠢᠨ ᠳᠡᠭᠦᠯᠢᠯ ᠶᠢᠡᠷ
ᠦᠨᠢ ᠮᠥᠩᠭᠡ ᠳᠠᠰᠢ ᠳᠤᠵᠢ ᠳᠠᠪᠢᠨᠠ
ᠡᠷ᠎ᠡ ᠵᠤᠷᠢᠭᠳᠠᠨ ᠬᠠᠮᠢᠭ᠎ᠠ ᠪᠣᠢ ᠭᠡᠮᠡᠨ
ᠡᠷᠭᠢᠭᠦ ᠣᠷᠴᠢᠯᠠᠩ ᠤᠨ ᠵᠢᠮ᠎ᠠ ᠶᠢ ᠳᠠᠭᠠᠵᠤ
ᠥᠷᠦᠭᠡᠰᠤᠨ ᠭᠠᠯᠠᠭᠤ ᠣᠮᠠᠷᠠᠰᠢ ᠨᠢᠰᠤᠨ᠎ᠠ
ᠳᠡᠯᠢᠭᠦᠨ ᠪᠣᠯᠳᠤᠭ ᠤᠨ ᠴᠢᠯᠠᠭᠤᠨ ᠳᠡᠭᠡᠷ᠎ᠡ
ᠳᠠᠪᠳᠠᠷᠢᠵᠤ ᠪᠠᠭᠤᠬᠤ ᠶᠢ ᠭᠦᠰᠡᠭ᠍ᠰᠡᠨ ᠭᠠᠯᠠᠭᠤ
ᠳᠡᠯᠡᠭᠡᠢ ᠶᠢᠨ ᠠᠭᠤᠳᠠᠮ ᠴᠡᠩᠭᠡᠭ᠌ ᠵᠠᠢ ᠳᠤ
ᠳᠠᠯᠠᠪᠴᠢ ᠪᠠᠨ ᠰᠤᠷᠢᠭᠰᠠᠨ ᠢᠳᠡᠭᠡᠯ ᠤᠨ ᠭᠠᠯᠠᠭᠤ
ᠪᠦᠭᠦᠨ ᠤ ᠣᠴᠢ ᠳᠡᠭ᠍ᠷᠢ ᠶᠢᠨ ᠬᠠᠷᠭᠤᠢ ᠳᠤ
ᠪᠦᠯᠭᠦᠮᠳᠡᠯ ᠳᠤ ᠳᠠᠮᠢᠷᠯᠠᠭᠰᠠᠨ ᠣᠮᠤᠭ ᠤᠨ ᠭᠠᠯᠠᠭᠤ
ᠳᠤᠮᠤᠭ ᠵᠢᠭᠦᠷ ᠶᠢᠡᠷ ᠳᠡᠭᠦᠯᠢᠭ᠍ᠰᠡᠨ
ᠳᠤᠯᠤᠭᠠᠨ ᠵᠠᠭᠤᠨ ᠤ ᠭᠦᠭᠡ ᠭᠠᠯᠠᠭᠤ
ᠭᠦᠮᠤᠨ ᠮᠦᠰᠤᠨ ᠤ ᠳᠠᠶᠠᠩᠭ᠋ᠠ ᠶᠢᠨ ᠭᠠᠯᠠᠭᠤ
ᠭᠦᠳᠡᠭᠡ ᠨᠤᠳᠤᠭ ᠤᠨ ᠭᠦᠪᠦᠷᠦᠯ ᠭᠠᠯᠠᠭᠤ
ᠭᠦᠭᠡᠮᠳᠦᠭ᠌ ᠳᠡᠭ᠍ᠷᠢ ᠶᠢᠨ ᠣᠩᠭ᠋ᠤᠨ ᠭᠠᠯᠠᠭᠤ
ᠭᠦᠰᠡᠯ ᠤᠨ ᠣᠴᠢ ᠲᠡᠶ ᠣᠮᠠᠷᠠᠳᠤ ᠶᠢᠨ ᠭᠠᠯᠠᠭᠤ
ᠣᠮᠠᠷᠠᠰᠢ ᠨᠢᠰᠤᠨ᠎ᠠ ᠨᠢᠰᠤᠨ᠎ᠠ
ᠦᠨᠦᠴᠢᠨ ᠴᠠᠭᠠᠨ ᠥᠷᠦᠭᠡᠰᠤᠨ ᠭᠠᠯᠠᠭᠤ
ᠥᠷᠯᠦᠭ᠌ ᠳᠠᠮᠢᠷ ᠶᠢᠡᠨ ᠰᠢᠪᠬᠠᠨ ᠰᠢᠪᠬᠠᠨ
ᠦᠨᠢ ᠭᠦᠭᠡ ᠮᠠᠠᠳᠤᠯ ᠳᠤ ᠳᠠᠪᠢᠨ
ᠦᠵᠡᠯ ᠭᠦᠰᠡᠯ ᠤᠨ ᠵᠤᠷᠢᠭ ᠬᠤᠷᠴᠠᠯᠠᠵᠤ
ᠦᠷᠡᠵᠢᠵᠤ ᠳᠦᠯᠵᠢᠭᠦ ᠦᠨᠡᠨ ᠤ ᠳᠡᠮᠡᠴᠡᠭᠡᠨ ᠳᠤ
ᠦᠪᠡᠷ ᠤᠨ ᠳᠡᠭ᠍ᠷᠢ ᠭᠡᠵᠤ ᠣᠴᠢᠷ ᠲᠡᠶ ᠨᠢᠰᠤᠨ᠎ᠠ
ᠦᠯᠵᠡᠢ᠌ᠮᠦ᠋ᠷᠠᠨ ᠤ ᠦᠨᠦᠴᠢᠨ ᠭᠠᠯᠠᠭᠤ
ᠣᠮᠠᠷᠠᠰᠢ ᠨᠢᠰᠤᠨ᠎ᠠ ᠣᠮᠠᠷᠠᠰᠢ ᠨᠢᠰᠤᠨ᠎ᠠ
ᠣᠴᠢᠷ ᠲᠡᠶ ᠨᠢᠰᠤᠨ᠎ᠠ ᠣᠮᠤᠭ ᠲᠡᠶ ᠨᠢᠰᠤᠨ᠎ᠠ᠃
2008 ᠣᠨ ᠤ 12᠂ 20 ᠊ᠤ ᠡᠳᠦᠷ ᠤᠨ ᠣᠯᠠᠭᠠᠠᠬᠠᠳᠠ ᠶᠢᠨ ᠡᠳᠦᠷ ᠤᠨ ᠰᠤᠨᠢᠨ ᠳᠤ ᠨᠡᠢ᠌ᠳᠡᠯᠡᠭ᠍ᠳᠡᠪᠡ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ