ᠨᠡᠪᠲᠡᠷᠡᠨ ᠤᠷᠤᠬᠤ
ᠳ᠋ᠦ᠋ ᠯᠠᠩ ᠺᠧᠤ ᠳᠤᠮᠳᠠᠳᠤ ᠰᠤᠷᠭᠠᠭᠤᠯᠢ ᠡᠴᠡ ᠦᠵᠡᠵᠤ ᠬᠠᠷᠠᠭᠰᠠᠨ ᠭᠡᠰᠡᠭ᠌ ᠪᠣᠰᠠᠭ ᠵᠣᠢ᠌ᠯ
᠊᠊᠊᠊᠊᠊᠊᠊᠊᠊᠊᠊᠊᠊᠊ ᠱᠠᠠᠲᠦ᠋ᠩ ᠮᠤᠵᠢ ᠶᠢᠨ ᠯᠢᠶᠤᠤ ᠴᠸᠩ ᠬᠤᠳᠠ ᠶᠢᠨ ᡂᠢ ᠫᠢᠩ ᠰᠢᠶᠠᠨ ᠤ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢ ᠳᠤᠭᠤᠷᠢᠨ ᠰᠤᠷᠤᠯᠴᠠᠭᠰᠠᠨ ᠳᠤᠬᠠᠢ ᠬᠠᠷᠢᠭᠤ ᠮᠡᠳᠡᠭᠦᠯᠦᠯᠳᠡ

ᠡᠨᠡ ᠣᠳᠠᠭᠠᠨ ᠤ ᠳᠤᠭᠤᠷᠢᠨ ᠰᠤᠷᠤᠯᠴᠠᠬᠤ ᠪᠦᠯᠭᠦᠮ ᠨᠢ 30 ᠭᠦᠮᠤᠨ ᠶᠢᠡᠷ ᠪᠦᠷᠢᠯᠳᠦᠵᠤ 2008 ᠣᠨ ᠤ 10 ᠰᠠᠷ᠎ᠠ ᠶᠢᠨ 13 ᠡᠴᠡ 15 ᠪᠣᠯᠳᠠᠯ᠎ᠠ ᠭᠤᠷᠪᠠᠨ ᠡᠳᠦᠷ ᠤᠨ ᠴᠠᠭ ᠢ ᠭᠡᠷᠡᠭ᠍ᠰᠡᠵᠤ ᠱᠠᠠᠲᠦ᠋ᠩ ᠮᠤᠵᠢ ᠶᠢᠨ ᠯᠢᠶᠤᠤ ᠴᠸᠩ ᠬᠤᠳᠠ ᠶᠢᠨ ᡂᠢ ᠫᠢᠩ ᠰᠢᠶᠠᠨ ᠤ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠭᠢᠴᠢᠶᠠᠯ ᠤᠨ ᠥᠭᠡᠷᠡᠴᠢᠯᠡᠯᠳᠡ ᠪᠣᠯᠤᠨ ᠭᠢᠴᠢᠶᠡᠯᠯᠡᠭᠡ ᠶᠢᠨ ᠥᠭᠡᠷᠡᠴᠢᠯᠡᠯᠳᠡ ᠶᠢᠨ ᠪᠠᠢ᠌ᠳᠠᠯ ᠢ ᠦᠵᠡᠵᠤ᠂ ᠬᠠᠷᠠᠵᠤ᠂ ᠰᠤᠨᠤᠰᠴᠤ᠂ ᠶᠠᠷᠢᠯᠴᠠᠵᠤ ᠬᠠᠷᠠᠭ᠎ᠠ ᠳᠠᠯᠠᠵᠤ ᠣᠬᠠᠭᠠᠨ ᠰᠤᠪᠢᠭᠰᠠᠨ ᠪᠠᠢ᠌ᠨ᠎ᠠ᠃ ᠰᠤᠷᠭᠠᠨ ᠭᠦᠮᠦᠵᠢᠯ ᠤᠨ ᠳᠤᠪᠴᠢᠶᠠᠨ ᠤ ᠦᠨᠳᠦᠰᠦᠳᠠᠨ ᠤ ᠰᠤᠷᠭᠠᠨ ᠭᠦᠮᠦᠵᠢᠯ ᠤᠨ ᠳᠠᠰᠤᠭ ᠤᠨ ᠳᠠᠷᠤᠭ᠎ᠠ ᠣᠤᠠᠬᠠᠳᠤ᠂ ᠰᠠᠭᠤᠷᠢ ᠰᠤᠷᠭᠠᠨ ᠭᠦᠮᠦᠵᠢᠯ ᠤᠨ ᠳᠠᠰᠤᠭ ᠤᠨ ᠳᠠᠷᠤᠭ᠎ᠠ ᠸᠠᠩ ᠢᠤᠢ ᠰᠢᠤᠸᠠᠢ᠂ ᠳᠤᠮᠳᠠᠳᠤ ᠪᠠᠭ᠎ᠠ ᠰᠤᠷᠭᠠᠭᠤᠯᠢ ᠶᠢᠨ ᠵᠢᠭᠠᠬᠤᠢ ᠰᠤᠷᠬᠤᠢ ᠶᠢ ᠰᠤᠳᠤᠯᠬᠤ ᠭᠡᠷ ᠤᠨ 18 ᠰᠤᠳᠤᠯᠤᠭᠴᠢ᠂ ᠴᠢᠪᠠᠭ᠎ᠠ ᠶᠢᠨ ᠮᠤᠩᠭ᠋ᠤᠯ ᠪᠠᠭ᠎ᠠ ᠰᠤᠷᠭᠠᠭᠤᠯᠢ ᠶᠢᠨ 2 ᠪᠠᠭᠰᠢ᠂ ᠴᠢᠪᠠᠭ᠎ᠠ ᠶᠢᠨ ᠳᠦᠷᠪᠠᠳᠦᠭᠡᠷ ᠳᠤᠮᠳᠠᠳᠤ ᠰᠤᠷᠭᠠᠭᠤᠯᠢ ᠶᠢᠨ 6 ᠪᠠᠭᠰᠢ᠂ ᠪᠠᠶᠠᠠᠬᠤᠧᠨ ᠬᠤᠶᠠᠳᠤᠭᠠᠷ ᠶᠡᠷᠦᠩᠭᠡᠢ ᠰᠤᠷᠭᠠᠭᠤᠯᠢ ᠶᠢᠨ 2 ᠪᠠᠭᠰᠢ ᠶᠠᠪᠣᠭᠰᠠᠨ ᠪᠠᠢ᠌ᠨ᠎ᠠ᠃

ᠨᠢᠭᠡ᠃ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠦᠨᠳᠦᠰᠦᠨ ᠪᠠᠢ᠌ᠳᠠᠯ ᠤᠨ ᠳᠤᠬᠠᠢ ᠮᠢᠨᠤ ᠣᠢ᠌ᠯᠠᠭᠠᠯᠳᠠ

ᠳ᠋ᠦ᠋ ᠯᠠᠩ ᠺᠧᠤ ᠳᠤᠮᠳᠠᠳᠤ ᠰᠤᠷᠭᠠᠭᠤᠯᠢ ᠪᠣᠯ ᠱᠠᠠᠲᠦ᠋ᠩ ᠮᠤᠵᠢ ᠶᠢᠨ ᠯᠢᠶᠤᠤ ᠴᠸᠩ ᠬᠤᠳᠠ ᠶᠢᠨ ᡂᠢ ᠫᠢᠩ ᠰᠢᠶᠠᠨ ᠤ ᠡᠩ ᠤᠨ ᠨᠢᠭᠡ ᠭᠦᠳᠡᠭᠡ ᠳᠤᠰᠬᠤᠨ ᠤ ᠳᠤᠮᠳᠠᠳᠤ ᠰᠤᠷᠭᠠᠭᠤᠯᠢ ᠪᠢᠯᠠ᠃ ᡂᠢ ᠫᠢᠩ ᠰᠢᠶᠠᠨ ᠡᠴᠡ 15 ᠺᠢᠯᠤᠮᠸᠲ᠋ᠷ ᠵᠠᠢ ᠲᠡᠶ ᠪᠠᠢ᠌ᠳᠠᠭ᠃ ᠰᠤᠷᠭᠠᠭᠤᠯᠢ ᠶᠢᠨ ᠡᠵᠡᠯᠡᠵᠤ ᠪᠠᠢ᠌ᠭ᠎ᠠ ᠳᠠᠯᠠᠪᠠᠢ 80 ᠮᠤ ᠭᠢᠷᠢᠳᠠᠢ᠂ ᠣᠳᠤ ᠳᠠᠭᠠᠨ 16 ᠭᠢᠴᠢᠶ‍ᠯᠯᠡᠭᠦ ᠠᠩᠭᠢ ᠲᠡᠶ᠂ ᠠᠯᠢ ᠴᠤ ᠠᠩᠭᠢ ᠨᠢ 40 ᠭᠦᠮᠤᠨ ᠭᠦᠷᠭᠦ ᠦᠭᠡᠶ᠂ ᠰᠤᠷᠭᠠᠭᠤᠯᠢ ᠳᠤ ᠰᠠᠭᠤᠵᠤ ᠪᠠᠢ᠌ᠭ᠎ᠠ ᠰᠤᠷᠤᠭᠴᠢ 600 ᠢᠯᠡᠭᠦᠤ᠂ ᠪᠠᠭᠰᠢ ᠠᠵᠢᠯᠳᠠᠨ 116᠂ ᠭᠢᠴᠢᠶᠡᠯᠯᠡᠭ᠍ᠴᠢ ᠪᠠᠭᠰᠢ 85᠂ ᠬᠤᠶᠠᠷ ᠰᠠᠭᠤᠷᠢ ᠭᠢᠴᠢᠶᠡᠯᠯᠡᠭᠦ ᠠᠰᠠᠷ ᠲᠡᠶ᠂ ᠨᠢᠭᠡ ᠰᠠᠭᠤᠷᠢ ᠠᠵᠢᠯᠯᠠᠬᠤ ᠠᠰᠠᠷ ᠲᠡᠶ᠂ ᠳᠤᠷᠰᠢᠯᠳᠠ ᠶᠢᠨ ᠠᠰᠠᠷ ᠨᠢᠭᠡ ᠰᠠᠭᠤᠷᠢ᠂ ᠪᠠᠢ᠌ᠷᠢ ᠶᠢᠨ ᠠᠰᠠᠷ ᠬᠤᠶᠠᠷ ᠰᠠᠭᠤᠷᠢ᠂ ᠰᠢᠨ᠎ᠠ ᠪᠠᠷ ᠪᠠᠷᠢᠵᠤ ᠪᠠᠢ᠌ᠭ᠎ᠠ ᠪᠠᠢ᠌ᠷᠢ ᠶᠢᠨ ᠶᠡᠷᠦᠩᠭᠡᠢ᠌ᠯᠡᠭ᠍ᠰᠡᠨ ᠠᠰᠠᠷ ᠨᠢᠭᠡ ᠰᠠᠭᠤᠷᠢ᠂ 1000 ᠭᠦᠮᠤᠨ ᠢ ᠪᠠᠭᠳᠠᠭᠠᠵᠤ ᠳᠡᠢ᠌ᠯᠭᠦ ᠮᠡᠳᠡᠭᠦᠯᠦᠯᠳᠡ ᠶᠢᠨ ᠳᠠᠩᠭᠢᠮ ᠲᠡᠶ᠂ ᠳᠤᠭᠤᠭᠠᠨ ᠭᠡᠷ ᠨᠢᠭᠡ ᠰᠠᠭᠤᠷᠢ᠂ ᠰᠢᠨᠡᠭᠡᠨ ᠬᠠᠳᠠᠭᠤᠷᠠᠭᠤᠯᠤᠭᠰᠠᠨ 400 ᠮᠸᠲ᠋ᠷ ᠤᠨ ᠳᠠᠮᠢᠷ ᠤᠨ ᠳᠠᠯᠠᠪᠣᠷ ᠲᠡᠶ ᠴᠠᠪᠠᠷ ᠴᠡᠮᠴᠡᠭᠡᠷ ᠭᠦᠳᠡᠭᠡ ᠶᠢᠨ ᠨᠢᠭᠡ ᠳᠤᠮᠳᠠᠳᠤ ᠰᠤᠷᠭᠠᠭᠤᠯᠢ ᠪᠢᠯᠠ︕

ᠣᠳᠤ ᠳᠤᠰ ᠰᠤᠷᠭᠠᠭᠤᠯᠢ ᠨᠢ 《ᠱᠠᠠᠲᠦ᠋ᠩ ᠮᠤᠵᠢ ᠶᠢᠨ ᠭᠤᠤᠯᠳᠠᠯᠭ᠎ᠠ ᠲᠡᠶ ᠰᠤᠳᠤᠯᠤᠯᠭᠠᠨ ᠤ ᠰᠠᠳᠤᠪ ᠤᠨ ᠰᠠᠭᠤᠷᠢᠨ ᠭᠠᠵᠠᠷ》᠂ 《ᠪᠦᠭᠦ ᠣᠯᠤᠰ ᠤᠨ ᠰᠢᠨ᠎ᠠ ᠶᠢ ᠡᠭᠦᠳᠭᠦ ᠰᠤᠷᠭᠠᠨ ᠭᠦᠮᠦᠵᠢᠯ ᠰᠡᠳᠭᠦᠯ ᠤᠨ ᠭᠤᠤᠯᠳᠠᠯᠭ᠎ᠠ ᠲᠡᠶ ᠪᠠᠢ᠌ᠴᠠᠭᠠᠨ ᠰᠤᠳᠤᠯᠬᠤ ᠰᠠᠭᠤᠷᠢᠨ ᠭᠠᠵᠠᠷ》᠂ 《ᠪᠦᠭᠦ ᠣᠯᠤᠰ ᠤᠨ ᠬᠤᠷᠰᠢᠨ ᠰᠤᠷᠤᠯᠴᠠᠬᠤ ᠵᠢᠭᠠᠨ ᠰᠤᠷᠭᠠᠯᠳᠠ ᠶᠢᠨ ᠰᠤᠳᠤᠯᠤᠯᠭᠠᠨ ᠤ ᠰᠠᠭᠤᠷᠢᠨ ᠭᠠᠵᠠᠷ》᠂ 《ᠲ᠋ᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠪᠣᠯᠪᠠᠰᠤᠷᠠᠭᠤᠯᠤᠯᠳᠠ ᠶᠢᠨ ᠰᠠᠭᠤᠷᠢᠨ ᠭᠠᠵᠠᠷ》 ᠵᠡᠷᠭᠡ ᠢᠷᠠᠭᠤ ᠠᠯᠳᠠᠷ ᠭᠦᠷᠳᠡᠭ᠍ᠰᠡᠨ ᠪᠠᠢ᠌ᠨ᠎ᠠ᠃

ᠥᠩᠭᠡᠷᠡᠭ᠍ᠰᠡᠨ ᠳᠤ ᠳᠤᠰ ᠰᠤᠷᠭᠠᠭᠤᠯᠢ ᠨᠢ ᠪᠦᠭᠦ ᠰᠢᠶᠠᠨ ᠤ 23 ᠰᠠᠭᠤᠷᠢ ᠳᠤᠮᠳᠠᠳᠤ ᠰᠤᠷᠭᠠᠭᠤᠯᠢ ᠶᠢᠨ ᠳᠤᠳᠤᠷ᠎ᠠ ᠬᠠᠮᠤᠭ ᠰᠡᠭᠦᠯ ᠢ ᠨᠢ ᠰᠢᠪᠳᠤᠷᠴᠤ᠂ ᠵᠢᠭᠠᠨ ᠰᠤᠷᠭᠠᠯᠳᠠ ᠶᠢᠨ ᠶᠠᠰᠤ ᠴᠢᠨᠠᠷ ᠳᠤᠷᠣᠢ᠌ᠳᠠᠭᠠᠤᠨ ᠰᠤᠷᠭᠠᠭᠤᠯᠢ ᠳᠠᠪᠰᠢᠭᠰᠠᠨ ᠨᠤᠷᠮ᠎ᠠ 0% ᠪᠠᠢ᠌ᠵᠠᠢ᠃ ᠭᠡᠳᠤᠨ ᠵᠢᠯ ᠤᠨ ᠰᠢᠷᠭᠠᠭᠤ ᠴᠠᠷᠮᠠᠢ᠌ᠯᠭ᠎ᠠ ᠪᠠᠷ ᠳᠠᠮᠵᠢᠭᠠᠤᠨ 2005 ᠣᠨ ᠳᠤ ᠳᠤᠰ ᠰᠤᠷᠭᠠᠭᠤᠯᠢ ᠡᠴᠡ ᠳᠡᠭᠦᠰᠦᠭ᠍ᠰᠡᠨ 268 ᠰᠤᠷᠤᠭᠴᠢ ᠶᠢᠨ 267 ᠰᠤᠷᠤᠭᠴᠢ ᠨᠢ ᡂᠢ ᠫᠢᠩ ᠰᠢᠶᠠᠨ ᠤ ᠭᠤᠤᠯᠳᠠᠯᠭ᠎ᠠ ᠲᠡᠶ ᠦᠨᠳᠦᠷ ᠵᠡᠷᠭᠡ ᠶᠢᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠭᠤᠤᠯᠳᠠᠯᠭ᠎ᠠ ᠲᠡᠶ ᠠᠩᠭᠢ ᠳᠤ ᠡᠯᠰᠡᠭ᠍ᠳᠡᠵᠤ ᠨᠢᠭᠡ ᠯᠠ ᠳᠤᠤᠷ᠎ᠠ ᠰᠢᠶᠠᠨ ᠳᠠᠶᠠᠭᠠᠷ ᠠᠯᠳᠠᠷᠰᠢᠵᠤ ᠭᠦᠮᠦᠰ ᠤᠨ ᠠᠩᠬᠠᠷᠤᠯ ᠢ ᠳᠠᠳᠠᠵᠤ ᠡᠭᠢᠯᠡᠵᠡᠢ᠃

ᠬᠤᠶᠠᠷ᠃ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠭᠦᠭ᠍ᠵᠢᠯᠳᠡ ᠶᠢᠨ ᠵᠠᠮ ᠮᠥᠷ ᠡᠴᠡ ᠮᠢᠨᠤ ᠣᠯᠵᠤ ᠬᠠᠷᠠᠭᠰᠠᠨ ᠵᠣᠢ᠌ᠯ

1997 ᠣᠨ ᠤ 4 ᠰᠠᠷ᠎ᠠ ᠳᠤ ᡂᠢ ᠫᠢᠩ ᠰᠢᠶᠠᠨ ᠤ ᠰᠤᠷᠭᠠᠨ ᠭᠦᠮᠦᠵᠢᠯ ᠤᠨ ᠳᠤᠪᠴᠢᠶ᠎ᠠ ᠼᠦᠢ ᠴᠢ ᠱᠸᠩ (崔其升) ᠵᠢ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠵᠠᠭᠢᠷᠤᠯ ᠶᠢᠡᠷ ᠳᠤᠮᠢᠯᠠᠭᠰᠠᠨ ᠤ ᠳᠠᠷᠠᠭ᠎ᠠ ᠳᠠᠷᠠ ᠶᠠᠭᠤᠨ ᠤ ᠡᠮᠦᠨ᠎ᠡ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠪᠦᠭᠦ ᠳᠠᠯ᠎ᠠ ᠶᠢᠨ ᠪᠠᠢ᠌ᠳᠠᠯ ᠢ ᠣᠢ᠌ᠯᠠᠭᠠᠬᠤ ᠳᠤ ᠳᠤᠰ ᠰᠤᠷᠭᠠᠭᠤᠯᠢ ᠨᠢ ᠨᠢᠭᠡᠨᠲᠡ ᠰᠤᠷᠭᠠᠭᠤᠯᠢ ᠶᠢᠨ ᠬᠠᠮᠢᠶᠠᠷᠤᠯᠳᠠ ᠳᠤᠷᠣᠢ᠌ᠳᠠᠭᠠᠤᠨ ᠬᠠᠰᠤᠭᠳᠠᠬᠤ ᠭᠡᠮᠵᠢᠶᠡᠨ ᠳᠤ ᠭᠦᠷᠦᠭ᠍ᠰᠡᠨ ᠰᠤᠷᠭᠠᠭᠤᠯᠢ ᠪᠣᠯᠬᠤ ᠶᠢ ᠮᠠᠳᠠᠵᠠᠢ᠃ 1᠂ ᠳᠤᠰ ᠰᠤᠷᠭᠠᠭᠤᠯᠢ ᠨᠢ ᠨᠢᠭᠡᠨᠲᠡ ᠵᠢᠭᠠᠨ ᠰᠤᠷᠭᠠᠯᠳᠠ ᠶᠢᠨ ᠵᠢᠮ᠎ᠠ ᠬᠠᠤᠯᠢ ᠦᠭᠡᠶ ᠪᠣᠯᠵᠠᠢ᠃ 2᠂ ᠰᠤᠷᠭᠠᠭᠤᠯᠢ ᠶᠢᠨ ᠣᠳᠤᠷᠢᠤᠠᠬᠤ ᠪᠠᠭ ᠨᠢ ᠥᠴᠦᠭᠡᠨ ᠳᠠᠳᠤᠢ ᠴᠤ ᠢᠳᠡᠭᠡᠯ ᠦᠭᠡᠶ ᠪᠣᠯᠵᠠᠢ᠃ 3᠂ ᠭᠢᠴᠢᠶᠡᠯᠯᠡᠭ᠍ᠴᠢ ᠪᠠᠭᠰᠢ ᠨᠢ ᠴᠠᠭ ᠲᠠᠭᠠᠨ ᠭᠢᠴᠢᠶᠠᠯ ᠶᠢᠡᠨ ᠣᠷᠤᠬᠤ ᠦᠭᠡᠶ᠂ ᠠᠷᠢᠭᠢ ᠳᠠᠷᠠᠰᠤ ᠣᠤᠭᠤᠬᠤ᠂ ᠭᠦᠵᠤᠷ ᠨᠠᠭᠠᠳᠬᠤ᠂ ᠭᠢᠴᠢᠶᠠᠯ ᠣᠷᠤᠬᠤ ᠳᠠᠭᠠᠨ ᠰᠢᠪᠠᠭ᠎ᠠ ᠰᠤᠭᠤᠯᠵᠤ ᠭᠢᠴᠢᠶᠡᠯᠯᠡᠳᠡᠭ᠌ ᠰᠤᠯᠠ ᠵᠠᠳᠠᠭᠠᠢ ᠰᠤᠷᠭᠠᠭᠤᠯᠢ ᠪᠣᠯᠵᠠᠢ᠃ 4᠂ ᠰᠤᠷᠤᠭᠴᠢ ᠨᠢ ᠰᠤᠷᠤᠯᠭ᠎ᠠ ᠡᠴᠡ ᠬᠠᠯᠠᠰᠢᠷᠠᠬᠤ᠂ ᠰᠤᠷᠤᠯᠭ᠎ᠠ ᠳᠤᠷᠭᠤᠨ ᠵᠤᠭᠰᠤᠬᠤ᠂ ᠬᠤᠯᠠᠭᠠᠢ ᠬᠤᠳᠠᠯ ᠭᠢᠭᠦ᠂ ᠭᠡᠷᠡᠭᠦᠯ ᠵᠤᠳᠤᠭᠠᠨ ᠪᠣᠯᠬᠤ ᠵᠡᠷᠭᠡ ᠨᠢ ᠪᠠᠭᠰᠢ ᠰᠤᠷᠤᠭᠴᠢ ᠶᠢᠨ ᠳᠠᠳᠬᠠᠯᠰᠢᠭᠰᠠᠨ ᠪᠠᠢ᠌ᠳᠠᠯ ᠲᠡᠶ ᠮᠥᠷᠳᠡᠭᠡᠨ ᠵᠢᠭᠠᠨ ᠰᠤᠷᠭᠠᠯᠳᠠ ᠶᠢᠨ ᠶᠠᠰᠤ ᠴᠢᠨᠠᠷ ᠳᠣᠢ᠌ᠯ ᠤᠨ ᠮᠠᠭᠤ ᠪᠣᠯᠵᠤ ᠭᠡᠷ ᠤᠨ ᠠᠬᠠᠮᠠᠤᠨ ᠤᠨ ᠢᠳᠡᠭᠡᠯ ᠢ ᠠᠯᠳᠠᠵᠤ᠂ ᠨᠡᠢ᠌ᠭᠡᠮ ᠨᠠᠢ᠌ᠳᠠ ᠳᠤ ᠮᠠᠭᠤ ᠨᠠᠷ᠎ᠠ ᠮᠦᠨᠳᠤᠷ ᠴᠤᠯᠠ ᠨᠢ ᠳᠠᠷᠬᠠᠭᠰᠠᠨ ᠬᠠᠮᠤᠭ ᠤᠨ ᠬᠤᠴᠤᠷᠤᠩᠭ᠋ᠤᠢ ᠰᠤᠷᠭᠠᠭᠤᠯᠢ ᠪᠣᠯᠵᠤ ᠭᠦᠢᠴᠡᠵᠡᠢ᠃

(ᠨᠢᠭᠡ) ᠣᠢ᠌ᠯᠭᠠᠭᠳᠠᠬᠤᠨ ᠶᠢᠡᠨ ᠰᠢᠨᠡᠳᠭᠡᠵᠤ᠂ ᠭᠦᠮᠤᠨ ᠶᠢᠡᠷ ᠦᠨᠳᠦᠰᠦ ᠪᠣᠯᠭᠠᠬᠤ ᠠᠵᠢᠯ ᠢ ᠴᠢᠩᠭ᠋᠎ᠠ ᠠᠳᠬᠤᠵᠤ ᠴᠢᠳᠠᠪᠠ᠃

1᠂ ᠼᠦᠢ ᠴᠢ ᠱᠸᠩ ᠵᠠᠭᠢᠷᠤᠯ ᠦᠪᠡᠷ ᠤᠨ ᠪᠠᠶ᠎ᠠ ᠡᠴᠡ ᠪᠠᠨ ᠡᠭᠢᠯᠡᠵᠤ᠂ ᠦᠵᠡᠯᠳᠠ ᠳᠠᠨᠢᠯᠳᠠ ᠪᠠᠨ ᠳᠡᠭᠡᠭ᠍ᠰᠢᠯᠡᠭᠦᠯᠭᠦ ᠶᠢ ᠠᠩᠬᠠᠷᠴᠤ᠂ ᠣᠢ᠌ᠯᠭᠠᠭᠳᠠᠬᠤᠨ ᠶᠢᠡᠨ ᠰᠢᠨᠠᠴᠢᠯᠠᠵᠤ᠂ ᠦᠪᠡᠷ ᠤᠨ ᠪᠠᠶ᠎ᠠ ᠪᠠᠷ ᠶᠢᠡᠨ ᠳᠡᠷᠢᠭᠦᠯᠡᠨ ᠭᠢᠴᠢᠶᠠᠯ ᠤᠨ ᠳᠠᠩᠭᠢᠮ ᠳᠤ ᠭᠦᠡᠵᠡᠭᠡᠢ᠌ᠷᠡᠵᠤ᠂ ᠥᠷᠯᠦᠭᠡ ᠡᠴᠡ ᠣᠷᠤᠢ ᠪᠣᠯᠳᠠᠯ᠎ᠠ ᠪᠠᠭᠰᠢ ᠨᠡᠷ ᠤᠨ ᠭᠢᠴᠢᠶᠠᠯ ᠢ ᠰᠤᠨᠤᠰᠬᠤ᠂ ᠰᠤᠨᠤᠰᠴᠤ ᠪᠠᠷᠠᠭᠰᠠᠨ ᠤ ᠳᠠᠷᠠᠭ᠎ᠠ ᠶᠠᠷᠢᠯᠴᠠᠬᠤ᠂ ᠠᠯᠳᠠᠰᠢ ᠣᠨᠤᠰᠢ ᠶᠢᠨ ᠳᠠᠯ᠎ᠠ ᠪᠠᠷ ᠨᠢ ᠳ᠋ᠦ᠋ᠩᠨᠡᠭᠦ ᠠᠵᠢᠯ ᠤᠳ ᠢ ᠡᠭᠢᠯᠡᠨ ᠭᠢᠵᠤ ᠥᠭᠡᠷᠡᠴᠢᠯᠡᠯᠳᠡ ᠶᠢᠨ ᠠᠩᠬᠠᠨ ᠵᠠᠮ ᠶᠢᠡᠨ ᠡᠯᠭᠦᠵᠡᠢ᠃

2᠂ ᠼᠦᠢ ᠴᠢ ᠱᠸᠩ ᠵᠠᠭᠢᠷᠤᠯ ᠦᠪᠡᠷ ᠶᠢᠡᠨ ᠡᠭᠢᠯᠡᠵᠤ ᠵᠢᠱᠢᠶ᠎ᠠ ᠭᠢᠴᠢᠶᠠᠯ ᠣᠷᠤᠵᠤ᠂ ᠡᠡᠩᠭ᠍ᠯᠢ ᠭᠡᠯᠡᠨ ᠡᠴᠡ ᠪᠣᠰᠤᠳ ᠲᠦᠷᠦᠯ ᠤᠨ ᠭᠢᠴᠢᠶᠠᠯ ᠢ ᠪᠦᠭᠦᠨ ᠢ ᠵᠢᠭᠠᠵᠤ ᠪᠦᠭᠦ ᠪᠠᠭᠰᠢ ᠳᠠᠭᠠᠨ ᠳᠠᠭᠤᠷᠢᠶᠠᠯ ᠪᠣᠯᠵᠤ᠂ ᠳᠠᠳᠠᠨ ᠤ ᠦᠵᠡᠯᠳᠠ ᠳᠠᠨᠢᠯᠳᠠ ᠪᠠᠨ ᠥᠭᠡᠷᠡᠴᠢᠯᠡᠭᠦ ᠳᠤ ᠲᠦᠯᠬᠢᠴᠠ ᠣᠢ᠌ᠯᠠᠳᠤᠯ ᠥᠵᠡᠭᠦᠯᠪᠡ᠃

3᠂ ᠳᠠᠷᠠ 《10 ᠮᠢᠨᠦ᠋ᠲ᠋ + 35 ᠮᠢᠨᠦ᠋ᠲ᠋ ᠤᠨ ᠵᠢᠭᠠᠨ ᠰᠤᠷᠭᠠᠯᠳᠠ ᠶᠢᠨ ᠭᠡᠪ ᠵᠠᠭᠪᠣᠷ》 ᠊ᠢ ᠡᠭᠦᠳᠴᠤ᠂ ᠪᠠᠭᠰᠢ ᠨᠡᠷ ᠤᠨ ᠦᠵᠡᠯᠳᠠ ᠳᠠᠨᠢᠯᠳᠠ ᠶᠢ ᠬᠤᠪᠢᠷᠠᠭᠤᠯᠵᠤ᠂ ᠣᠢ᠌ᠯᠭᠠᠳᠠᠬᠤᠨ ᠢ ᠰᠢᠨᠡᠴᠢᠯᠡᠭᠦ ᠳᠡᠭᠡᠷ᠎ᠡ ᠭᠦᠴᠤ ᠳᠠᠯᠪᠢᠵᠠᠢ᠃ ᠳᠠᠷᠤᠢ ᠭᠢᠴᠢᠶᠠᠯ ᠤᠨ ᠳᠠᠩᠭᠢᠮ ᠳᠤ ᠪᠠᠭᠰᠢ 10 ᠮᠢᠨᠦ᠋ᠲ᠋ ᠡᠴᠡ ᠢᠯᠡᠭᠦᠤ ᠴᠠᠭ ᠢ ᠭᠡᠷᠡᠭ᠍ᠰᠡᠵᠤ ᠪᠣᠯᠬᠤ ᠦᠭᠡᠶ᠂ ᠰᠤᠷᠤᠭᠴᠢ ᠳᠤ ᠡᠷᠭᠡᠪᠰᠢ 35 ᠮᠢᠨᠦ᠋ᠲ᠋ ᠤᠨ ᠴᠠᠭ ᠦᠭ‍ᠭᠦ ᠭᠡᠷᠡᠭ᠍ᠳᠡᠢ ᠭᠡᠵᠤ ᠣᠠᠴᠠ ᠴᠢᠬᠤᠯᠠᠴᠢᠯᠠᠵᠤ᠂ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠳᠡᠭᠡᠨ ᠡᠭᠢᠯᠡᠯᠳᠡ ᠶᠢᠨ ᠴᠡᠭ᠌ ᠪᠣᠯᠭᠠᠵᠠᠢ᠃

4᠂ ᠳᠠᠷᠠ ᠪᠠᠰᠠ 《0 ᠮᠢᠨᠦ᠋ᠲ᠋ + 45 ᠮᠢᠨᠦ᠋ᠲ᠋ ᠤᠨ ᠵᠢᠭᠠᠨ ᠰᠤᠷᠭᠠᠯᠳᠠ ᠶᠢᠨ ᠭᠡᠪ ᠵᠠᠭᠪᠣᠷ》 ᠊ᠢ ᠳᠤᠷᠰᠢᠵᠤ᠂ ᠪᠠᠭᠰᠢ ᠶᠢ ᠳᠤᠭᠯᠠᠭᠴᠢ ᠪᠠᠢ᠌ᠭᠰᠠᠨ ᠡᠴᠡ ᠨᠢ ᠣᠳᠤᠷᠢᠳᠤᠭᠠᠴᠢ ᠶᠢᠨ ᠪᠠᠢ᠌ᠷᠢᠨ ᠳᠤ ᠭᠦᠳᠦᠯᠦᠭ᠍ᠰᠡᠨ ᠪᠠᠢ᠌ᠨ᠎ᠠ᠃ ᠭᠢᠴᠢᠶᠠᠯ ᠤᠨ ᠳᠠᠩᠭᠢᠮ ᠤᠨ ᠪᠦᠭᠦᠢ᠌ᠯᠡ ᠴᠠᠭ ᠢ ᠪᠦᠭᠦᠨ ᠢ ᠰᠤᠷᠤᠭᠴᠢ ᠳᠤ ᠦᠭ‍ᠭᠦᠨ᠎ᠡ᠂ ᠪᠠᠭᠰᠢ 1 ᠮᠢᠨᠦ᠋ᠲ᠋ ᠴᠤ ᠭᠡᠷᠡᠭᠯᠡᠵᠤ ᠪᠣᠯᠬᠤ ᠦᠭᠡᠶ᠂ ᠭᠢᠴᠢᠶᠠᠯ ᠤᠨ ᠳᠠᠩᠭᠢᠮ ᠳᠤ ᠪᠠᠭᠰᠢ ᠥᠭᠡ ᠳᠤᠤᠭᠠᠷᠴᠤ ᠪᠣᠯᠬᠤ ᠦᠭᠡᠶ ᠭᠡᠵᠤ ᠳᠤᠭᠳᠠᠭᠠᠤᠨ ᠪᠠᠰᠠ ᠵᠤᠭᠢᠬᠤ ᠬᠤᠭᠤᠴᠠᠭ᠎ᠠ ᠳᠤᠷᠰᠢᠨ ᠭᠡᠷᠡᠭ᠍ᠵᠢᠭᠦᠯᠵᠤ᠂ ᠪᠠᠭᠰᠢ ᠨᠡᠷ ᠭᠡᠪ ᠤᠨ ᠪᠠᠢ᠌ᠳᠠᠯ ᠳᠤ ᠣᠷᠤᠭᠰᠠᠨ ᠤ ᠳᠠᠷᠠᠭ᠎ᠠ ᠰᠠᠶ‍ᠢ ᠲ᠋ᠠᠭᠢᠨ 《10 ᠮᠢᠨᠦ᠋ᠲ᠋ +35 ᠮᠢᠨᠦ᠋ᠲ᠋ ᠶᠢᠨ ᠵᠢᠭᠠᠨ ᠰᠤᠷᠭᠠᠯᠳᠠ ᠶᠢᠨ ᠭᠡᠪ ᠵᠠᠭᠪᠣᠷ》 ᠵᠢᠡᠨ ᠳᠤᠷᠰᠢᠭᠰᠠᠨ ᠪᠠᠢ᠌ᠨ᠎ᠠ᠃

(ᠬᠤᠶᠠᠷ) ᠰᠤᠷᠤᠭᠴᠢ ᠶᠢ ᠴᠢᠯᠦᠭᠡᠯᠡᠵᠤ᠂ ᠭᠢᠴᠢᠶᠠᠯ ᠤᠨ ᠳᠠᠩᠭᠢᠮ ᠢ ᠰᠢᠨ᠎ᠠ ᠠᠭᠤᠷ ᠠᠮᠢᠰᠬᠤᠯ ᠶᠢᠠᠷ ᠪᠢᠯᠬᠠᠭᠤᠯᠵᠤ ᠴᠢᠳᠠᠪᠠ᠃

1᠂ ᠳ᠋ᠦ᠋ ᠯᠠᠩ ᠺᠧᠤ ᠰᠤᠷᠭᠠᠭᠤᠯᠢ ᠶᠢᠨ ᠭᠢᠴᠢᠶᠠᠯ ᠤᠨ ᠥᠭᠡᠷᠡᠴᠢᠯᠡᠯᠳᠡ ᠨᠢ ᠣᠳᠠᠭᠠᠨ ᠣᠨ ᠤ ᠨᠤᠶᠠᠷᠬᠠᠭᠰᠠᠨ ᠭᠢᠴᠢᠶᠠᠯ ᠤᠨ ᠳᠠᠩᠭᠢᠮ ᠤᠨ ᠵᠢᠭᠠᠬᠤ ᠳᠠᠪᠴᠠᠩ ᠢ ᠨᠤᠷᠠᠭᠠᠵᠤ᠂ ᠡᠰᠡᠷᠭᠦ ᠡᠳᠡᠭᠡᠳ ᠶᠢᠡᠨ ᠨᠢᠳᠤ ᠥᠭᠡᠢ《ᠭᠠᠯᠯᠠᠳᠠᠭ》 ᠴᠡᠷᠢᠭ᠌ ᠤᠨ ᠨᠤᠶᠠᠨ ᠤ ᠳᠡᠭᠡᠷᠡᠩᠭᠦᠢ ᠰᠤᠷᠳᠠᠯ ᠪᠣᠯᠤᠨ ᠡᠰᠡᠭᠦᠯ᠎ᠡ ᠪᠦᠰᠡᠯᠡᠭ᠍ᠳᠡᠭ᠍ᠰᠡᠨ ᠴᠡᠷᠢᠭ᠌ ᠤᠨ ᠨᠤᠶᠠᠨ ᠪᠣᠯᠴᠢᠬᠠᠭᠠᠤᠨ ᠪᠠᠭᠢᠯᠠᠯᠳᠠ ᠳᠡᠭᠡᠨ ᠪᠠᠯᠠᠭ ᠠᠯᠳᠠᠨ ᠰᠠᠠᠳᠤᠷᠠᠳᠠᠭ ᠳᠦᠷᠢ ᠪᠠᠢ᠌ᠳᠠᠯ ᠢ ᠴᠤ ᠥᠭᠡᠢ᠌ᠰᠭᠡᠵᠤ ᠴᠢᠳᠠᠭᠰᠠᠨ ᠪᠠᠢ᠌ᠨ᠎ᠠ᠃ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠭᠢᠴᠢᠶ‍ᠡᠯᠯᠡᠭᠦ ᠭᠡᠷ ᠲᠤ ᠭᠤᠷᠪᠠ ᠶᠢ ᠣᠯᠵᠤ ᠬᠠᠷᠠᠬᠤ ᠦᠭᠡᠶ ᠪᠠᠢ᠌ᠳᠠᠭ᠃ ᠨᠢᠭᠡ ᠳᠤ᠂ ᠵᠢᠭᠠᠬᠤ ᠳᠠᠪᠴᠠᠩ ᠢ ᠣᠯᠵᠤ ᠬᠠᠷᠠᠬᠤ ᠦᠭᠡᠶ ᠪᠠᠢ᠌ᠳᠠᠭ᠃ ᠬᠤᠶᠠᠷ ᠲᠤ᠂ ᠭᠢᠴᠢᠶᠡᠯᠯᠡᠭ᠍ᠴᠢ ᠪᠠᠭᠰᠢ ᠶᠢ ᠣᠯᠵᠤ ᠬᠠᠷᠡᠬᠤ ᠥᠭᠡᠢ ᠪᠠᠢ᠌ᠳᠠᠭ᠃ ᠭᠤᠷᠪᠠ ᠳᠤ᠂ ᠰᠤᠷᠤᠭᠴᠢ ᠶᠢᠨ ᠨᠡᠮ ᠰᠠᠭᠤᠬᠤ ᠶᠢ ᠤᠯᠵᠤ ᠬᠠᠷᠡᠬᠤ ᠥᠭᠡᠢ ᠪᠠᠢ᠌ᠳᠠᠭ᠃ ᠰᠤᠷᠤᠭᠴᠢ ᠨᠢ ᠶᠡᠭᠡ ᠴᠢᠯᠦᠭᠡᠳᠡᠢ ᠰᠤᠷᠤᠯᠴᠠᠵᠤ ᠪᠠᠢ᠌ᠳᠠᠭ᠃ (ᠰᠠᠭᠤᠵᠤ ᠪᠤᠯᠤᠨ᠎ᠠ᠂ ᠵᠤᠭᠰᠤᠵᠤ ᠪᠣᠯᠤᠨ᠎ᠠ᠂ ᠨᠠᠰᠢ ᠴᠠᠰᠢ ᠶᠠᠪᠣᠵᠤ ᠪᠣᠯᠤᠨ᠎ᠠ᠂ ᠶᠠᠷᠢᠯᠴᠠᠵᠤ ᠪᠣᠯᠤᠨ᠎ᠠ᠂ ᠮᠠᠷᠭᠤᠯᠳᠤᠵᠤ ᠪᠣᠯᠤᠨ᠎ᠠ᠂ ᠳᠦᠷᠰᠦᠯᠠᠵᠤ ᠳᠤᠭᠯᠠᠵᠤ ᠪᠣᠯᠤᠨ᠎ᠠ᠂ ᠵᠢᠷᠤᠵᠤ ᠪᠢᠴᠢᠵᠤ ᠪᠦᠷ ᠪᠣᠯᠤᠨ᠎ᠠ᠁)

2᠂ ᠳᠤᠰᠭᠠᠷ ᠭᠡᠯᠪᠠᠷᠢ ᠶᠢᠨ ᠰᠤᠷᠤᠯᠴᠠᠯᠭ᠎ᠠ ᠶᠢ ᠥᠭᠡᠷᠡᠴᠢᠯᠡᠵᠤ᠂ ᠬᠠᠮᠳᠤᠷᠠᠨ ᠰᠤᠷᠤᠯᠴᠠᠬᠤ ᠳᠠᠳᠬᠠᠯ ᠢ ᠭᠦᠮᠦᠵᠢᠭᠦᠯᠵᠡᠢ᠃ ᠤᠤᠯ ᠤᠨ ᠳᠠᠷᠢᠶᠠᠨ ᠱᠠᠩ ᠤᠨ ᠭᠡᠯᠪᠠᠷᠢ ᠲᠡᠶ ᠰᠠᠭᠤᠳᠠᠭ ᠰᠤᠷᠤᠭᠴᠢ ᠶᠢᠨ ᠰᠢᠷᠡᠭᠡ ᠶᠢ᠌ ᠥᠭᠡᠷᠡᠴᠢᠯᠡᠵᠤ᠂ ᠭᠤᠷᠪᠠᠨ ᠮᠦᠷ ᠵᠢᠷᠭᠤᠭᠠᠨ ᠳᠤᠭᠣᠢ᠌ᠯᠠᠩ ᠤᠨ ᠭᠡᠯᠪᠠᠷᠢ ᠲᠡᠶ ᠪᠣᠯᠭᠠᠭᠰᠠᠨ ᠪᠠᠢ᠌ᠨ᠎ᠠ᠃

3᠂ ᠭᠢᠴᠢᠶᠠᠯ ᠤᠨ ᠭᠡᠷ ᠲᠤ ᠰᠠᠮᠪᠠᠷ᠎ᠠ ᠶᠢᠨ ᠳᠤᠭ᠎ᠠ ᠶᠢ ᠨᠡᠮᠡᠭ᠍ᠳᠡᠭᠦᠯᠵᠤ᠂ ᠰᠤᠷᠤᠭᠴᠢ ᠶᠢᠨ ᠥᠢᠯᠡᠳᠦᠯᠭᠡ ᠶᠢᠨ ᠴᠢᠳᠠᠪᠣᠷᠢ ᠶᠢ ᠭᠦᠮᠦᠵᠢᠭᠦᠯᠪᠡ᠃ ᠭᠢᠴᠢᠶᠡᠯᠯᠡᠭᠦ ᠭᠡᠷ ᠤᠨ ᠭᠤᠷᠪᠠᠨ ᠬᠠᠶᠠᠭᠠᠨ ᠳᠤ 4 ᠭᠡᠰᠡᠭ᠌ ᠶᠡᠭᠡ ᠰᠡᠮᠪᠠᠷ᠎ᠡ ᠲᠡᠶ᠂ ᠠᠰᠠᠷ ᠤᠨ ᠭᠤᠳᠤᠮᠵᠢ ᠳᠤ ᠪᠦᠷ ᠴᠠᠭᠠᠨ ᠥᠩᠭᠡᠳᠡᠢ ᠰᠠᠮᠪᠠᠷ᠎ᠠ ᠶᠢ ᠬᠠᠨ᠎ᠠ ᠳᠤ ᠬᠠᠳᠠᠭᠰᠠᠨ ᠪᠠᠢ᠌ᠳᠠᠭ᠃ ᠰᠤᠷᠤᠭᠴᠢ ᠪᠦᠭᠦᠨ ᠨᠢᠭᠡ ᠭᠡᠰᠡᠭ᠌ ᠣᠷᠤᠨ ᠵᠠᠢ ᠡᠵᠡᠯᠡᠵᠤ ᠭᠡᠵᠢᠶ᠎ᠡ ᠴᠤ ᠭᠡᠰᠡᠨ ᠦᠪᠡᠷ ᠤᠨ ᠪᠣᠳᠤᠵᠤ ᠰᠡᠳᠭᠢᠭ᠍ᠰᠡᠨ ᠵᠣᠢ᠌ᠯ ᠶᠢᠡᠨ ᠳᠤᠷ᠎ᠠ ᠪᠠᠷ ᠶᠢᠡᠨ ᠪᠢᠴᠢᠵᠤ ᠪᠣᠯᠳᠠᠭ᠃

4᠂ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠰᠤᠷᠤᠭᠴᠢ ᠪᠣᠰᠤᠳ ᠰᠤᠷᠭᠠᠭᠤᠯᠢ ᠶᠢᠨ ᠰᠤᠷᠤᠭᠴᠢ ᠲᠡᠶ ᠠᠳᠠᠯᠢ ᠦᠭᠡᠶ ᠪᠠᠢ᠌ᠳᠠᠭ᠃ ᠳᠠᠳᠠ ᠳᠣᠢ᠌ᠯ ᠤᠨ ᠡᠷᠭᠡ ᠴᠢᠯᠦᠭᠡᠳᠡᠢ ᠪᠠᠢ᠌ᠳᠠᠭ᠃ ᠭᠢᠴᠢᠶᠡᠯ ᠤᠨ ᠲ᠋ᠡᠩᠭᠢᠮ ᠳᠤ ᠤᠯᠡᠨ ᠵᠦᠢᠯ ᠤᠨ ᠭᠡᠯᠪᠠᠷᠢ ᠮᠠᠶ‍ᠢᠭ ᠶᠢᠡᠷ ᠪᠦᠷ ᠪᠠᠢ᠌ᠵᠤ ᠪᠣᠯᠤᠨ᠎ᠠ᠃ ᠥᠭᠡᠷ᠎ᠡ ᠪᠠᠷ ᠭᠡᠯᠡᠪᠠᠯ᠄ ᠳᠠᠳᠠ ᠰᠠᠭᠤᠵᠤ ᠪᠣᠯᠤᠨ᠎ᠠ᠂ ᠶᠠᠪᠣᠵᠤ ᠪᠣᠯᠤᠨ᠎ᠠ᠂ ᠵᠤᠭᠰᠤᠵᠤ ᠪᠣᠯᠤᠨ᠎ᠠ᠂ ᠭᠡᠯᠡᠵᠤ ᠪᠣᠯᠤᠨ᠎ᠠ᠂ ᠳᠠᠭᠤᠯᠠᠵᠤ ᠪᠣᠯᠤᠨ᠎ᠠ᠂ ᠳᠦᠷᠰᠦᠯᠠᠵᠤ ᠪᠣᠯᠤᠨ᠎ᠠ᠂ ᠵᠢᠷᠤᠵᠤ ᠪᠣᠯᠤᠨ᠎ᠠ᠂ ᠪᠢᠴᠢᠵᠤ ᠪᠣᠯᠤᠨ᠎ᠠ᠁ ᠳᠠᠷᠤᠢ ᠴᠢᠯᠦᠭᠡᠳᠤ ᠭᠡᠯᠪᠠᠷᠢ᠂ ᠭᠦᠭ᠍ᠵᠢᠶᠡᠡᠳᠤ ᠭᠡᠯᠪᠠᠷᠢ ᠶᠢᠨ ᠰᠤᠷᠤᠯᠴᠠᠯᠭ᠎ᠠ ᠶᠢ ᠪᠣᠢ ᠪᠣᠯᠭᠠᠵᠤ᠂ 《ᠪᠠᠶᠠᠷ ᠪᠠᠶᠠᠰᠬᠤᠯᠠᠩᠳᠤ ᠰᠤᠷᠤᠯᠴᠠᠯᠭ᠎ᠠ》 ᠪᠣᠯᠤᠭᠰᠠᠨ ᠪᠠᠢ᠌ᠳᠠᠭ᠃

5᠂ ᠰᠤᠷᠤᠭᠴᠢ ᠳᠤ ᠡᠵᠡᠨ ᠪᠠᠶ᠎ᠠ ᠪᠣᠯᠤᠨ ᠣᠷᠤᠨ ᠵᠠᠢ ᠶᠢ ᠪᠣᠴᠠᠭᠠᠵᠤ ᠦᠭ‍ᠭᠦᠭ᠍ᠰᠡᠨ ᠪᠠᠢ᠌ᠨ᠎ᠠ᠃ ᠥᠩᠭᠡᠷᠡᠭ᠍ᠰᠡᠨ ᠤ ᠣᠯᠠᠮᠵᠢᠯᠠᠯᠳᠤ ᠵᠢᠭᠠᠨ ᠰᠤᠷᠭᠠᠯᠳᠠ ᠳᠤ ᠰᠤᠷᠤᠠᠭᠴᠢ ᠶᠢ ᠥᠭᠦᠮᠡᠯ ᠪᠣᠳᠠᠰ᠂ ᠶᠠᠭᠤᠮ᠎ᠠ ᠠᠭᠤᠯᠠᠬᠤ ᠰᠠᠪᠠ ᠰᠢᠭ ᠦᠵᠡᠵᠤ᠂ ᠳᠤᠷ᠎ᠠ ᠳᠠᠪᠠ ᠪᠠᠷ ᠶᠢᠡᠨ ᠭᠦᠳᠡᠯᠵᠤ ᠪᠠᠷᠢᠵᠤ ᠪᠣᠯᠬᠤ ᠦᠭᠡᠶ᠂ ᠠᠮᠢ ᠦᠭᠡᠶ ᠪᠣᠳᠠᠰ ᠰᠢᠭ᠌ ᠦᠵᠡᠵᠤ ᠪᠠᠢ᠌ᠭᠰᠠᠨ ᠵᠢᠭᠠᠨ ᠰᠤᠷᠭᠠᠯᠳᠠ ᠶᠢᠨ ᠭᠡᠯᠪᠠᠷᠢ ᠶᠢ ᠡᠪᠳᠡᠵᠤ᠂ ᠰᠤᠷᠤᠭᠴᠢ ᠳᠤ ᠭᠢᠴᠢᠶᠠᠯ ᠤᠨ ᠳᠠᠩᠭᠢᠮ ᠤᠨ ᠴᠢᠯᠦᠭᠡᠳᠤ ᠭᠡᠯᠪᠠᠷᠢ᠂ ᠪᠠᠶ᠎ᠠ ᠪᠠᠨ ᠲ᠋ᠠᠭᠠᠭᠠᠬᠤ ᠭᠡᠯᠪᠠᠷᠢ᠂ ᠡᠵᠡᠨ ᠮᠡᠳᠡᠭᠦ ᠭᠡᠯᠪᠠᠷᠢ ᠵᠡᠷᠭᠡ ᠳᠠᠷᠬᠠᠨ ᠡᠷᠭᠡ ᠣᠯᠭᠤᠵᠤ ᠴᠢᠳᠠᠵᠠᠢ᠃ ᠳᠠᠷᠤᠢ ᠵᠢᠭᠠᠬᠤ ᠰᠢᠷᠡᠭᠡ ᠦᠭᠡᠶ᠂ ᠭᠢᠴᠢᠶᠠᠯ ᠤᠨ ᠳᠠᠩᠭᠢᠮ ᠨᠢ ᠡᠷᠦᠢ ᠬᠤᠷᠤᠢ ᠦᠭᠡᠶ᠂ ᠭᠢᠴᠢᠶᠡᠯᠯᠡᠭ᠍ᠴᠢ ᠪᠠᠭᠰᠢ ᠨᠢ ᠬᠠᠷᠠᠭᠳᠠᠬᠤ ᠦᠭᠡᠶ᠃ ᠪᠠᠭᠰᠢ ᠰᠤᠷᠤᠭᠴᠢ ᠠᠳᠠᠯᠢᠬᠠᠨ ᠨᠢᠭᠡ ᠣᠷᠤᠨ ᠵᠠᠢ ᠳᠤ ᠵᠤᠭᠰᠤᠵᠤ᠂ ᠠᠳᠠᠯᠢᠬᠠᠨ ᠪᠠᠢ᠌ᠷᠢᠨ ᠡᠴᠡ ᠠᠰᠠᠭᠤᠳᠠᠯ ᠢ ᠵᠠᠳᠠᠯᠠᠵᠤ᠂ ᠠᠰᠠᠭᠤᠳᠠᠯ ᠢ ᠢᠯᠡᠷᠡᠭᠦᠯᠵᠤ ᠪᠣᠯᠤᠨ᠎ᠠ᠃ ᠳ᠋ᠦ᠋ ᠯᠠᠩ ᠺᠧᠤ ᠶᠢᠨ ᠭᠢᠴᠢᠶᠠᠯ ᠤᠨ ᠭᠡᠷ ᠪᠣᠯᠭᠠᠨ ᠳᠤ 《ᠪᠢ ᠣᠷᠤᠯᠴᠠᠨ᠎ᠠ》《ᠪᠢ ᠦᠰᠦᠨ ᠪᠣᠢ᠌ᠵᠢᠨ᠎ᠠ》《ᠪᠢ ᠪᠠᠶᠠᠷ ᠭᠦᠷ ᠲᠡᠶ》 ᠭᠡᠭᠦ ᠪᠢᠴᠢᠭᠡᠰᠤ ᠬᠠᠨ᠎ᠠ ᠪᠣᠯᠭᠠᠨ ᠳᠤ ᠨᠠᠭᠠᠵᠤ ᠪᠠᠢ᠌ᠳᠠᠭ᠃ 《ᠡᠨᠡ ᠶᠡᠭᠡ ᠳᠠᠯᠠᠪᠣᠷ ᠳᠡᠭᠡᠷ᠎ᠡ ᠭᠦᠮᠤᠨ ᠪᠣᠯᠭᠠᠨ ᠣᠷᠤᠯᠴᠠᠨ᠎ᠠ᠂ ᠭᠦᠮᠤᠨ ᠪᠣᠯᠭᠠᠨ ᠦᠪᠡᠷ ᠢ ᠪᠠᠨ ᠭᠠᠢ᠌ᠬᠠᠭᠤᠯᠤᠨ᠎ᠠ᠂ ᠰᠢᠨ᠎ᠠ ᠭᠢᠴᠢᠶᠠᠯ ᠤᠨ ᠳᠢᠩᠭᠢᠮ ᠳᠤ ᠪᠢ ᠡᠵᠡᠨ ᠭᠦᠮᠤᠨ᠂ ᠪᠢ ᠡᠷᠭᠡ ᠴᠢᠯᠦᠭᠡ ᠲᠡᠶ》 ᠭᠡᠵᠤ ᠭᠡᠯᠡᠵᠤ ᠶᠠᠷᠢᠵᠤ ᠪᠢᠴᠢᠵᠤ ᠪᠠᠢ᠌ᠳᠠᠭ᠃ ᠳᠠᠳᠠ ᠨᠡᠭᠡᠷᠡᠨ ᠡᠷᠭᠡ ᠴᠢᠯᠦᠭᠡ ᠲᠡᠶ ᠰᠤᠷᠤᠯᠴᠠᠵᠤ ᠪᠠᠢ᠌ᠳᠠᠭ᠃ ᠭᠠᠷᠤᠭᠠᠤᠨ ᠰᠠᠮᠪᠠᠷ᠎ᠠ ᠳᠤ ᠪᠢᠴᠢᠵᠤ ᠪᠣᠯᠤᠨ᠎ᠠ᠂ ᠣᠴᠣᠢ᠌ᠵᠤ ᠰᠠᠭᠤᠭᠠᠤᠨ ᠱᠠᠯᠠ ᠳᠤ ᠪᠢᠴᠢᠵᠤ ᠪᠣᠯᠤᠨ᠎ᠠ᠂ ᠴᠠᠭᠠᠰᠤᠨ ᠳᠡᠭᠡᠷ᠎ᠡ ᠪᠢᠴᠢᠵᠤ ᠪᠣᠯᠤᠨ᠎ᠠ᠂ ᠰᠢᠷᠡᠭᠡᠨ ᠨᠢᠭᠤᠷ ᠳᠡᠭᠡᠷ᠎ᠡ ᠪᠢᠴᠢᠵᠤ ᠪᠣᠯᠤᠨ᠎ᠠ᠃ ᠵᠣᠢ᠌ᠯ ᠪᠦᠷᠢ ᠶᠢᠨ ᠠᠪᠢᠶᠠᠰ ᠡᠷᠳᠡᠮ ᠥᠵᠡᠭ᠍ᠰᠡᠨ ᠪᠦᠭᠦᠨ ᠤ ᠭᠠᠢ᠌ᠬᠠᠰᠢ ᠶᠢ ᠠᠯᠳᠠᠭᠤᠯᠵᠤ᠂ ᠬᠠᠷᠠᠭᠰᠠᠨ ᠪᠦᠭᠦᠨ ᠤ ᠬᠠᠷᠠᠭ᠎ᠠ ᠶᠢ ᠪᠠᠶᠠᠰᠬᠠᠨ᠎ᠠ᠃

(ᠭᠤᠷᠪᠠ) ᠳ᠋ᠦ᠋ ᠯᠠᠩ ᠺᠧᠤ ᠳᠤᠮᠳᠠᠳᠤ ᠰᠤᠷᠭᠠᠭᠤᠯᠢ 336 ᠵᠢᠨ ᠥᠪᠠᠷᠳᠡᠭᠡᠨ ᠡᠵᠡᠮᠳᠡᠨ ᠰᠤᠷᠬᠤ ᠭᠡᠪ ᠵᠠᠭᠪᠣᠷ ᠢ ᠡᠭᠦᠳᠴᠤ ᠵᠢᠭᠠᠨ ᠰᠤᠷᠭᠠᠯᠳᠠ ᠪᠠᠨ ᠠᠭᠢᠭᠤᠯᠪᠠ᠃

1᠂ ᠨᠢᠭᠡᠳᠦᠭᠡᠷ ᠭᠤᠷᠪᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶ᠎ᠠ ᠪᠠᠨ ᠳᠠᠭᠠᠭᠠᠵᠤ ᠰᠤᠷᠤᠯᠴᠠᠬᠤ ᠶᠢᠨ ᠭᠤᠷᠪᠠᠨ ᠶᠡᠭᠡ ᠣᠠᠴᠠᠯᠢᠭ

a.ᠪᠠᠶᠠᠳᠤ ᠮᠠᠶ‍ᠢᠭ ᠤᠨ ᠰᠤᠷᠤᠯᠴᠠᠯᠭ᠎ᠠ(立体式) b.ᠠᠬᠤᠭᠤᠯᠤᠮᠵᠢ ᠶᠡᠭᠡ (大容量) c.ᠬᠤᠷᠳᠤᠴᠠ ᠨᠢ ᠳᠦᠷᠭᠡᠨ (快节奏)

2᠂ ᠬᠤᠶᠠᠳᠤᠭᠠᠷ ᠭᠤᠷᠪᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶ᠎ᠠ ᠪᠠᠨ ᠳᠠᠭᠠᠭᠠᠵᠤ ᠰᠤᠷᠤᠯᠴᠠᠬᠤ ᠶᠢᠨ ᠭᠤᠷᠪᠠᠨ ᠭᠡᠰᠡᠭ᠌ (ᠶᠠᠪᠣᠴᠠ) ᠳᠠᠷᠤᠢ ᠭᠤᠷᠪᠠᠨ ᠵᠣᠢ᠌ᠯ ᠤᠨ ᠭᠢᠴᠢᠶᠡᠯᠯᠡᠭᠡ

a.ᠣᠷᠢᠤᠠᠴᠢᠯᠠᠵᠤ ᠰᠤᠷᠤᠯᠴᠠᠬᠤ ᠭᠢᠴᠢᠶᠠᠯ (预习课) b.ᠥᠵᠡᠭᠦᠯᠦᠯᠭᠡ ᠶᠢᠨ ᠭᠢᠴᠢᠶᠠᠯ (展示课) c.ᠬᠠᠷᠢᠭᠤ ᠳᠤᠰᠬᠠᠯ ᠤᠨ ᠭᠢᠴᠢᠶᠠᠯ (反馈课)

3᠂ ᠵᠢᠷᠭᠤᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠶᠢᠨ ᠵᠢᠷᠭᠤᠭᠠᠨ ᠭᠡᠯᠭᠢᠶᠡᠰᠤ (六个环节)

a.ᠣᠷᠢᠤᠠᠴᠢᠯᠠᠵᠤ ᠰᠤᠷᠤᠭᠰᠠᠨ ᠶᠢᠡᠨ ᠶᠠᠷᠢᠯᠴᠠᠬᠤ (预习交流) b.ᠬᠠᠷᠠᠯᠳᠠ ᠪᠠᠨ ᠳᠤᠳᠤᠷᠬᠠᠢ ᠪᠣᠯᠭᠠᠬᠤ (明确目标) c.ᠲ᠋ᠤᠭᠣᠢ᠌ᠯᠠᠩ ᠶᠢᠡᠷ ᠬᠤᠷᠰᠢᠬᠤ ( 分组合作) d. ᠥᠵᠡᠭᠦᠯᠤᠨ ᠢᠯᠡᠷᠡᠭᠦᠯᠭᠦ (展示提升) e.ᠰᠤᠯᠢᠪᠴᠠᠨ ᠪᠠᠳᠤᠤᠠᠬᠠᠬᠤ (穿插巩固) f. ᠪᠠᠷᠢᠮᠵᠢᠶ᠎ᠠ ᠪᠠᠷ ᠥᠨᠡᠯᠡᠭᠦ (达标测评)

ᠭᠤᠷᠪᠠ᠃ ᠣᠳᠤ ᠶᠢᠨ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠪᠠᠭᠰᠢ ᠶᠢᠨ ᠳᠤᠬᠠᠢ ᠮᠢᠨᠤ ᠭᠡᠯᠡᠮᠡᠷ ᠵᠣᠢ᠌ᠯ

ᠣᠳᠤ ᠶᠢᠨ ᠳ᠋ᠦ᠋ ᠯᠠᠩ ᠺᠧᠤ ᠰᠤᠷᠭᠠᠭᠤᠯᠢ ᠶᠢᠨ ᠪᠠᠭᠰᠢ ᠪᠣᠯ ᠠᠵᠢᠯ ᠳᠠᠭᠠᠨ ᠰᠢᠨᠤᠬᠠᠢ᠂ ᠣᠢ᠌ᠯᠠᠰ ᠲᠡᠭᠡᠨ ᠬᠤᠪᠳᠤᠭ᠂ ᠴᠠᠭ ᠲᠤ ᠬᠠᠷᠠᠮᠴᠢ᠂ ᠶᠠᠳᠠᠷᠠᠯ ᠶᠢᠠᠷ ᠶᠢᠡᠨ ᠵᠤᠯ ᠵᠢᠷᠭᠠᠯ ᠰᠤᠯᠢᠳᠠᠭ᠃ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠪᠠᠭᠰᠢ ᠨᠡᠷ ᠤᠨ ᠭᠡᠯᠡᠳᠡᠭ᠌ ᠨᠢᠭᠡ ᠪᠠᠳᠠᠭ ᠥᠭᠡ ᠪᠠᠢ᠌ᠳᠠᠭ᠃ 《ᠶᠠᠳᠠᠷᠠᠯ ᠪᠣᠯ ᠪᠣᠰᠤᠳ ᠭᠦᠮᠤᠨ ᠤ ᠨᠢᠳᠤᠨ ᠳᠤ ᠥᠷᠳᠦᠭ᠍ᠰᠡᠨ ᠵᠦᠳᠡᠷᠡᠯᠳᠠᠢ ᠵᠣᠢ᠌ᠯ᠂ ᠮᠠᠨ ᠳᠤ ᠶᠠᠭᠠᠭᠢᠭᠰᠠᠨ ᠴᠤ ᠵᠦᠳᠡᠷᠡᠯᠳᠠᠢ ᠰᠠᠨᠠᠭᠳᠠᠬᠤ ᠦᠭᠡᠶ᠂ ᠵᠤᠯ ᠵᠢᠷᠭᠠᠯ ᠲᠡᠶ ᠪᠣᠳᠤᠭᠳᠠᠳᠠᠭ᠂ ᠣᠴᠢᠷ ᠨᠢ ᠪᠢᠳᠠᠨ ᠳᠤ ᠭᠦᠮᠤᠨ ᠪᠦᠭᠦᠨ ᠭᠢᠭᠦ ᠶᠠᠭᠤᠮ᠎ᠠ ᠲᠡᠶ᠂ ᠭᠦᠮᠤᠨ ᠪᠦᠭᠦᠨ ᠰᠤᠳᠤᠯᠬᠤ ᠪᠠᠬ᠎ᠠ ᠲᠡᠶ᠂ ᠭᠦᠮᠤᠨ ᠪᠦᠭᠦᠨ ᠡᠷᠭᠢᠴᠡᠭᠦᠯᠦᠯ ᠪᠢᠴᠢᠭᠦ ᠵᠠᠩᠰᠢᠯ ᠲᠡᠶ᠂ ᠭᠦᠮᠤᠨ ᠪᠦᠭᠦᠨ ᠰᠢᠨ᠎ᠠ ᠶᠢ ᠡᠭᠦᠳᠭᠦ ᠵᠤᠷᠢᠭ ᠲᠡᠶ ᠳᠤ ᠪᠠᠢ᠌ᠭ᠎ᠠ ᠶᠤᠮ》 ᠭᠡᠵᠡᠢ᠃ ᠳᠠᠳᠠ ᠨᠡᠭᠡᠷᠡᠨ ᠳᠠᠢ᠌ᠮᠤ ᠡ︕ ᠣᠴᠢᠷ ᠶᠢᠡᠨ ᠮᠡᠳᠡᠭ᠍ᠰᠡᠨ ᠰᠠᠭᠢᠯᠭ᠎ᠠ ᠪᠠᠳᠤ ᠲᠡᠶ᠂ ᠦᠪᠡᠷ ᠢ ᠪᠠᠨ ᠱᠠᠭᠠᠷᠳᠠᠬᠤ ᠣᠬᠠᠭᠠᠨ ᠳᠠᠮᠢᠷ ᠲᠡᠶ᠂ ᠪᠠᠶ᠎ᠠ ᠪᠠᠨ ᠢᠳᠡᠭᠡᠭᠦ ᠢᠳᠡᠭᠡᠯ ᠵᠤᠷᠢᠭ ᠲᠡᠶ᠂ ᠦᠪᠡᠷ ᠢ ᠪᠠᠨ ᠭᠦᠴᠦᠷᠭᠡᠭ᠍ᠵᠢᠭᠦᠯᠭᠦ ᠣᠶᠤᠨ ᠮᠡᠳᠡᠯᠭᠡ ᠲᠡᠶ᠂ ᠶᠠᠪᠣᠵᠤ ᠰᠠᠭᠤᠬᠤ ᠨᠢ ᠶᠠᠭᠠᠷᠠᠤ᠂ ᠶᠠᠪᠣᠳᠠᠯ ᠣᠴᠢᠷ ᠲᠤ ᠭᠢᠨᠠᠮᠠᠭᠠᠢ᠂ ᠬᠠᠷ᠎ᠠ ᠭᠦᠭᠡ ᠥᠩᠭᠡᠳᠡᠢ ᠧᠥ᠋ᠷᠦᠫᠡ ᠬᠤᠪᠴᠡᠰᠤ ᠶᠢᠨ ᠳᠤᠳᠤᠷ᠎ᠠ ᠊ᠭ᠍‍ᠬᠢᠷ ᠦᠭᠡᠶ ᠴᠠᠭᠠᠨ ᠬᠠᠠᠳᠠᠭᠠᠰᠤ ᠡᠮᠦᠰᠴᠤ᠂ ᠣᠯᠠᠭᠠᠨ ᠥᠩᠭᠡᠳᠡᠢ ᠭᠠᠯᠰᠲ᠋ᠤᠺ ᠵᠡᠭᠦᠭ᠍ᠰᠡᠨ ᠴᠠᠪᠠᠷ ᠪᠣᠷᠤᠭᠵᠢᠭᠤᠨ ᠪᠠᠭᠰᠢ ᠭᠦᠮᠤᠨ ᠤ ᠰᠥᠷᠯᠢᠭ᠌ ᠰᠠᠢ᠌ᠬᠠᠨ ᠳᠦᠷᠢ ᠶᠢ ᠭᠠᠢ᠌ᠬᠠᠭᠤᠯᠤᠨ᠎ᠠ᠃ ᠳ᠋ᠥ᠋ ᠯᠡᠩ ᠺᠧᠤ ᠶᠢᠨ ᠪᠠᠭᠰᠢ ᠬᠤᠭᠤᠷᠤᠠᠳᠤ ᠪᠠᠨ ᠡᠶᠡᠯᠰᠡᠭ᠌ ᠳᠤᠳᠤᠨᠤ᠂ ᠡᠶ᠎ᠡ ᠨᠠᠢ᠌ᠷᠮᠳᠠᠭᠤ᠂ ᠬᠠᠷᠢᠯᠴᠠᠨ ᠭᠦᠡᠳᠦᠳᠭᠡᠭᠦ ᠭᠡᠪᠰᠢᠯ ᠳᠠᠳᠬᠠᠯ ᠲᠡᠶ᠂ ᠨᠢᠭᠡ ᠰᠡᠳᠭᠢᠯ ᠭᠠᠭᠴᠠ ᠵᠤᠷᠢᠭ ᠶᠢᠡᠷ ᠰᠤᠷᠭᠠᠭᠤᠯᠢ ᠪᠠᠨ ᠪᠣᠳᠤᠳᠠᠭ᠂ ᠠᠵᠢᠯ ᠶᠢᠠᠨ ᠪᠣᠳᠤᠳᠠᠭ᠂ ᠣᠢ᠌ᠯᠠᠰ ᠶᠢᠡᠨ ᠪᠣᠳᠤᠳᠠᠭ᠃

ᠳᠦᠷᠪᠡ᠃ ᠳ᠋ᠦ᠋ ᠯᠠᠩ ᠺᠧᠤ ᠳᠤᠮᠳᠠᠳᠤ ᠰᠤᠷᠭᠠᠭᠤᠯᠢ ᠵᠢᠨ ᠣᠳᠤᠷᠢᠤᠠᠬᠤ ᠪᠠᠭ ᠤᠨ ᠳᠤᠬᠠᠢ ᠮᠢᠨᠤ ᠣᠢ᠌ᠯᠠᠭᠠᠯᠳᠠ

ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠣᠳᠤᠷᠢᠤᠠᠬᠤ ᠪᠠᠭ ᠨᠢ ᠨᠢᠭᠳᠠᠷᠠᠯ ᠤᠨ ᠭᠦᠴᠤᠨ ᠶᠢᠡᠷ ᠨᠠᠢ᠌ᠳᠠᠮ ᠢ ᠳᠠᠢ᠌ᠴᠢᠯᠠᠭᠰᠠᠨ ᠰᠢᠨ᠎ᠠ ᠶᠢ ᠡᠭᠦᠳᠭᠦ ᠵᠤᠷᠢᠭ ᠰᠠᠨᠠᠭ᠎ᠠ ᠲᠡᠶ᠂ ᠨᠠᠢ᠌ᠳᠠ ᠣᠯᠠᠨ ᠶᠢᠡᠷ ᠶᠢᠡᠨ ᠡᠷᠭᠡ ᠳᠠᠰᠢ᠂ ᠡᠷᠭᠡ ᠴᠢᠯᠦᠭᠡ ᠪᠠᠷ ᠠᠮᠢᠰᠬᠤᠯᠠᠭᠰᠠᠨ ᠦᠪᠡᠷ ᠤᠨ ᠭᠦᠴᠤ ᠪᠠᠷ ᠶᠢᠡᠨ ᠳᠡᠭ᠍ᠵᠢᠷᠡᠭᠦ ᠣᠬᠠᠭᠠᠨ ᠳᠠᠮᠢᠷ ᠲᠡᠶ᠂ ᠠᠵᠢᠯᠴᠢ ᠪᠣᠷᠤᠭᠵᠢᠭᠤᠨ ᠶᠢᠡᠷ ᠣᠢ᠌ᠯᠠᠰ ᠪᠣᠰᠬᠠᠬᠤ ᠢᠳᠡᠭᠡᠯ ᠭᠦᠴᠤᠨ ᠲᠡᠶ᠂ ᠦᠪᠡᠷ ᠤᠨ ᠪᠠᠶ᠎ᠠ ᠪᠠᠷ ᠶᠢᠡᠨ ᠳᠠᠭᠠᠤᠷᠢᠶᠠᠯ ᠪᠣᠯᠵᠤ᠂ ᠪᠦᠭᠦᠨ ᠢ ᠣᠷᠢᠶᠠᠯᠠᠬᠤ ᠭᠦᠴᠤᠨ ᠴᠢᠳᠠᠯ ᠲᠡᠶ᠂ ᠪᠠᠭᠰᠢ ᠨᠡᠷ ᠤᠨ ᠶᠢᠡᠨ ᠵᠤᠪᠠᠯ ᠵᠥᠳᠡᠭᠦᠷᠢ ᠶᠢ ᠬᠠᠮᠳᠤ ᠪᠠᠷ ᠬᠤᠪᠢᠶᠠᠯᠴᠠᠬᠤ ᠦᠨᠳᠦᠷ ᠣᠬᠠᠮᠰᠠᠷ ᠭᠡᠪ ᠪᠣᠯᠪᠠᠰᠤᠷᠠᠯ ᠲᠡᠶ᠃

ᠳᠠᠪᠣ᠃ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠬᠠᠮᠢᠶᠠᠷᠤᠯᠳᠠ ᠡᠴᠡ ᠮᠢᠨᠤ ᠣᠯᠵᠤ ᠮᠡᠳᠡᠭ᠍ᠰᠡᠨ ᠵᠣᠢ᠌ᠯ

ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠵᠤᠬᠢᠶᠠᠨ ᠪᠠᠢ᠌ᠭᠤᠯᠤᠯᠳᠠ ᠨᠢ ᠨᠠᠷᠢᠨ ᠨᠢᠭᠳᠠ᠂ ᠳᠦᠷᠢᠮ ᠳᠤᠭᠳᠠᠭᠠᠯ ᠨᠢ ᠪᠦᠷᠢᠨ ᠭᠦᠢᠴᠡᠳ᠂ ᠠᠮᠠ ᠰᠡᠭᠡᠷ ᠨᠢ ᠠᠪᠴᠤᠯᠳᠤᠩᠭ᠋ᠤᠢ᠂ ᠬᠠᠷᠢᠯᠴᠢᠨ ᠬᠤᠯᠪᠣᠭᠠᠳᠠᠢ᠂ ᠣᠷᠢᠵᠤ ᠭᠡᠷᠡᠭᠯᠡᠭᠦ ᠳᠦᠷᠢᠮ ᠢ ᠠᠰᠢᠭᠳᠠᠢ ᠭᠡᠷᠡᠭ᠍ᠵᠢᠭᠦᠯᠵᠤ ᠴᠢᠳᠠᠵᠠᠢ᠃

1᠂ ᠣᠷᠢᠳᠠᠪᠠᠷ ᠠᠩᠭᠢ ᠡᠷᠭᠢᠯᠡᠭ᠍ᠴᠢ ᠶᠢ ᠰᠢᠯᠢᠨ ᠰᠤᠩᠭ᠋ᠤᠨ᠎ᠠ᠃ ᠠᠩᠭᠢ ᠡᠷᠭᠢᠯᠡᠭ᠍ᠴᠢ ᠭᠢᠴᠢᠶᠡᠯᠯᠡᠭ᠍ᠴᠢ ᠪᠠᠭᠰᠢ ᠶᠢ ᠰᠢᠯᠢᠨ ᠰᠤᠩᠭ᠋ᠤᠨ᠎ᠠ᠃ 2᠂ ᠳ᠋ᠦ᠋ ᠯᠠᠩ ᠺᠧᠤ ᠳᠤᠮᠳᠠᠳᠤ ᠰᠤᠷᠭᠠᠭᠤᠯᠢ ᠶᠢᠨ ᠪᠦᠭᠦ ᠪᠠᠭᠰᠢ ᠰᠤᠷᠤᠭᠴᠢ ᠳᠦᠷᠪᠡ ᠶᠢ ᠣᠠᠴᠠ ᠠᠩᠬᠠᠷᠤᠨ ᠬᠠᠷᠠᠨ᠎ᠠ᠃ ᠣᠳᠤᠷᠢᠤᠠᠬᠤ ᠪᠠᠭ ᠨᠢ ᠵᠠᠭᠢᠷᠤᠯ ᠢ ᠠᠩᠬᠠᠷᠤᠨ ᠬᠠᠷᠠᠨ᠎ᠠ᠃ ᠠᠩᠭᠢ ᠡᠷᠭᠢᠯᠡᠭ᠍ᠴᠢ ᠣᠳᠤᠷᠢᠤᠠᠬᠤ ᠪᠠᠭ ᠢ ᠠᠩᠬᠠᠷᠤᠨ ᠬᠠᠷᠠᠨ᠎ᠠ᠃ ᠭᠢᠴᠢᠶᠡᠯᠯᠡᠭ᠍ᠴᠢ ᠪᠠᠭᠰᠢ ᠠᠩᠭᠢ ᠡᠷᠭᠢᠯᠡᠭ᠍ᠴᠢ ᠶᠢ ᠠᠩᠬᠠᠷᠤᠨ ᠬᠠᠷᠠᠨ᠎ᠠ᠃ ᠰᠤᠷᠤᠭᠴᠢ ᠨᠢ ᠭᠢᠴᠢᠶᠡᠯᠯᠡᠭ᠍ᠴᠢ ᠪᠠᠭᠰᠢ ᠶᠢ ᠠᠩᠬᠠᠷᠤᠨ ᠬᠠᠷᠠᠨ᠎ᠠ᠃ 3᠂ ᠡᠳᠦᠷ ᠪᠦᠷᠢ ᠬᠤᠶᠠᠷ ᠣᠳᠠᠭᠠᠨ ᠤ ᠬᠠᠷᠢᠭᠤ ᠳᠤᠰᠬᠠᠯ ᠤᠨ ᠬᠤᠷᠠᠯ ᠲᠡᠶ᠃ ᠥᠷᠯᠦᠭᠡ ᠭᠢᠴᠢᠶᠠᠯ ᠣᠷᠤᠬᠤ ᠡᠴᠡ ᠡᠮᠦᠨ᠎ᠡ ᠨᠢᠭᠡ ᠣᠳᠠᠭ᠎ᠠ ᠬᠠᠷᠢᠭᠤ ᠳᠤᠰᠬᠠᠯ ᠤᠨ ᠬᠤᠷᠠᠯ ᠢ ᠵᠠᠪᠠᠯ ᠭᠢᠵᠤ᠂ ᠳᠦᠷᠦᠭᠦᠤ ᠦᠳᠡ ᠶᠢᠨ ᠬᠣᠢ᠌ᠨ᠎ᠠ ᠶᠢᠨ ᠭᠢᠴᠢᠶᠡᠯᠯᠡᠭᠡ ᠶᠢᠨ ᠠᠯᠳᠠᠰᠢ ᠣᠨᠤᠰᠢ ᠶᠢ ᠳ᠋ᠦ᠋ᠩᠨᠠᠨ᠎ᠠ᠃ ᠦᠳᠡ ᠳᠤ ᠦᠳᠡ ᠶᠢᠨ ᠡᠮᠦᠨ᠎ᠡ ᠶᠢᠨ ᠭᠢᠴᠢᠶᠡᠯᠯᠡᠭᠡ ᠶᠢᠨ ᠠᠯᠳᠠᠰᠢ ᠣᠨᠤᠰᠢ ᠶᠢ ᠳ᠋ᠦ᠋ᠩᠨᠠᠨ᠎ᠠ᠃ ᠪᠦᠭᠦ ᠪᠠᠭᠰᠢ ᠳᠤ ᠡᠳᠦᠷ ᠪᠦᠷᠢ ᠬᠤᠪᠢ ᠳᠡᠮᠳᠡᠭᠯᠡᠨ᠎ᠡ᠂ ᠰᠠᠷ᠎ᠠ ᠪᠦᠷᠢ ᠳ᠋ᠦ᠋ᠩᠨᠠᠵᠤ᠂ ᠠᠳᠠᠯᠢᠤᠠᠬᠠᠵᠤ ᠢᠯᠠ ᠰᠠᠮᠪᠠᠷ᠎ᠠ ᠳᠤ ᠨᠠᠢ᠌ᠳᠠᠯᠠᠨ᠎ᠠ᠃ ᠨᠢᠭᠡ ᠭᠦᠮᠤᠨ ᠥᠷᠭᠦᠯᠵᠢᠯᠡᠨ ᠭᠤᠷᠪᠠ ᠣᠳᠠᠭ᠎ᠠ ᠰᠡᠭᠦᠯ ᠳᠤ ᠣᠷᠤᠪᠠᠯ ᠭᠢᠴᠢᠶᠠᠯ ᠶᠢᠡᠨ ᠠᠪᠳᠠᠨ᠎ᠠ᠃ ᠭᠠᠷᠠᠭ ᠪᠦᠷᠢ ᠶᠢᠨ ᠵᠢᠷᠭᠤᠭᠠᠨ ᠳᠤ ᠶᠠᠷᠢᠯᠴᠠᠨ ᠰᠤᠳᠤᠯᠬᠤ ᠬᠤᠷᠠᠯ ᠲᠡᠶ᠂ ᠪᠠᠭᠰᠢ ᠪᠦᠭᠦᠨ ᠳᠤ ᠨᠢᠭᠡ ᠭᠠᠷᠠᠭ ᠤᠨ ᠣᠴᠢᠷ ᠶᠢᠡᠨ ᠡᠷᠭᠢᠴᠡᠭᠦᠯᠤᠨ ᠪᠢᠴᠢᠭᠦ ᠵᠢᠵᠢᠭ᠌ ᠴᠠᠭᠠᠨ ᠰᠠᠮᠪᠠᠷ᠎ᠠ ᠲᠡᠶ ᠪᠠᠢ᠌ᠳᠠᠭ᠃ ᠡᠨᠡ ᠰᠠᠮᠪᠠᠷ᠎ᠠ ᠳᠤ ᠨᠢᠭᠡ ᠭᠠᠷᠠᠭ ᠤᠨ ᠳᠤᠳᠤᠷ᠎ᠠ ᠳᠠᠭᠠᠷᠠᠯᠳᠤᠭᠰᠠ ᠰᠤᠨᠢᠨ ᠰᠡᠪᠠᠭᠦᠨ ᠣᠴᠢᠷ᠂ ᠰᠤᠪᠢᠵᠤ ᠰᠡᠳᠭᠢᠭ᠍ᠰᠡᠨ ᠰᠢᠨ᠎ᠠ ᠰᠢᠨ᠎ᠠ ᠠᠷᠭ᠎ᠠ ᠪᠠᠷᠢᠯ ᠤᠳ᠂ ᠪᠣᠳᠤᠵᠤ ᠣᠯᠤᠭᠰᠠᠨ ᠣᠠᠴᠠᠭᠠᠢ ᠵᠣᠢ᠌ᠯ ᠤᠳ᠁ ᠭᠡᠭᠦ ᠵᠡᠷᠭᠡ ᠶᠢ ᠪᠢᠴᠢᠵᠤ ᠬᠠᠷᠢᠯᠴᠠᠨ ᠰᠤᠯᠢᠯᠴᠠᠵᠤ ᠨᠢᠭᠡᠨ ᠨᠢᠭᠡᠨ ᠶᠢᠡᠨ ᠨᠥᠭᠦᠪᠦᠷᠢᠯᠡᠵᠤ ᠵᠢᠭᠠᠨ ᠰᠤᠷᠭᠠᠯᠳᠠ ᠪᠠᠨ ᠠᠭᠢᠭᠤᠯᠵᠤ ᠬᠠᠮᠳᠤᠪᠠᠷ ᠳᠠᠪᠰᠢᠳᠠᠭ ᠰᠠᠢ᠌ᠬᠠᠨ ᠳᠠᠳᠬᠠᠯ ᠪᠣᠢ ᠪᠣᠯᠤᠭᠰᠠᠨ ᠪᠠᠢ᠌ᠨ᠎ᠠ᠃ 4᠂ ᠳ᠋ᠦ᠋ ᠯᠠᠩ ᠺᠧᠤ ᠰᠤᠷᠭᠠᠭᠤᠯᠢ ᠨᠢ ᠭᠤᠷᠪᠠᠨ ᠵᠣᠢ᠌ᠯ ᠤᠨ ᠭᠢᠴᠢᠶᠡᠯᠯᠡᠭᠡ ᠶᠢ ᠡᠷᠭᠡᠪᠰᠢ ᠶᠠᠪᠣᠭᠤᠯᠳᠠᠭ ᠪᠠᠢ᠌ᠨ᠎ᠠ᠃ ᠨᠢᠭᠡ ᠳᠤ᠂ ᠳᠠᠭᠤᠷᠢᠶᠠᠯ ᠭᠢᠴᠢᠶᠡᠯᠯᠡᠭᠡ (示范课) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠢ᠌ᠮᠤ ᠭᠢᠴᠢᠶᠠᠯ ᠢ ᠬᠤᠳᠠ ᠪᠣᠶᠤ ᠮᠤᠵ ᠶᠢᠨ ᠳᠠᠰ ᠤᠨ ᠵᠢᠭᠠᠨ ᠰᠤᠷᠭᠠᠬᠤ ᠴᠢᠳᠠᠪᠣᠷᠢᠳᠠᠨ᠂ ᠭᠢᠴᠢᠶᠠᠯ ᠲᠦᠷᠦᠯ ᠤᠨ ᠳᠠᠭᠠᠭᠤᠯᠤᠭᠴᠢ᠂ ᠡᠰᠡᠭᠦᠯ᠎ᠡ ᠨᠠᠯᠢᠶᠠᠤᠨ ᠨᠠᠷ᠎ᠠ ᠲᠡᠶ ᠳᠤᠷᠰᠢᠯᠭ᠎ᠠ ᠰᠤᠷᠭᠠᠮᠵᠢ ᠦᠯᠡᠮᠵᠢ ᠪᠠᠭᠰᠢ ᠯᠠ ᠣᠷᠤᠵᠤ ᠪᠣᠯᠤᠨ᠎ᠠ᠃ ᠬᠤᠶᠠᠷ ᠲᠤ᠂ ᠪᠣᠭᠤᠮᠳᠠ ᠳᠠᠪᠠᠬᠤ ᠭᠢᠴᠢᠶᠠᠯ (过关课) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠪᠣᠯ ᠪᠦᠭᠦ ᠪᠠᠭᠰᠢ ᠶᠢᠨ ᠡᠷᠭᠡᠪᠰᠢ ᠳᠠᠪᠠᠬᠤ ᠴᠢᠬᠤᠯᠠᠳᠠᠢ ᠭᠢᠴᠢᠶᠠᠯ᠂ ᠡᠨᠡ ᠪᠣᠭᠤᠮᠳᠠ ᠶᠢ ᠳᠠᠪᠠᠪᠠᠯ ᠰᠠ‍‌ᠶᠢ ᠭᠢᠴᠢᠶᠠᠯ ᠤᠨ ᠳᠠᠢ᠌ᠰᠠᠨ ᠳᠤ ᠭᠠᠷᠬᠤ ᠡᠷᠭᠡ ᠣᠯᠤᠨ᠎ᠠ᠃ ᠳᠠᠪᠠᠵᠤ ᠳᠡᠢ᠌ᠯᠭᠦ ᠦᠭᠡᠶ ᠪᠣᠯ ᠭᠢᠴᠢᠶᠠᠯ ᠵᠤᠭᠰᠤᠭᠠᠭᠳᠠᠵᠤ ᠭᠡᠷ ᠲᠡᠭᠡᠨ ᠰᠠᠭᠤᠳᠠᠭ ᠪᠠᠢ᠌ᠨ᠎ᠠ᠃ ᠭᠤᠷᠪᠠ ᠳᠤ᠂ ᠮᠦᠷᠳᠠᠨ ᠪᠠᠢ᠌ᠴᠠᠭᠠᠬᠤ ᠭᠢᠴᠢᠶᠠᠯ (跟踪课) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠪᠣᠯ ᠰᠠ‍‌ᠶᠢ ᠠᠵᠢᠯ ᠳᠤ ᠭᠠᠷᠴᠤ ᠪᠠᠢ᠌ᠭ᠎ᠠ ᠵᠠᠯᠠᠭᠤ ᠪᠠᠭᠰᠢ ᠳᠤ ᠵᠤᠷᠢᠭᠤᠯᠤᠭᠰᠠᠨ ᠭᠢᠴᠢᠶᠡᠯᠯᠡᠭᠡ ᠮᠦᠨ᠃ ᠵᠠᠯᠠᠭᠤ ᠪᠠᠭᠰᠢ ᠶᠢᠨ ᠭᠢᠴᠢᠶᠠᠯ ᠢ ᠰᠤᠨᠤᠰᠴᠤ ᠣᠷᠢᠳᠠᠪᠠᠷ ᠶᠠᠷᠢᠯᠴᠠᠵᠤ ᠵᠢᠭᠠᠬᠤ ᠰᠤᠷᠬᠤ ᠠᠷᠭ᠎ᠠ ᠶᠢᠨ ᠳᠠᠯ᠎ᠠ ᠪᠠᠷ ᠵᠢᠯᠤᠭᠤᠳᠤᠯᠭ᠎ᠠ ᠭᠢᠨ᠎ᠠ᠃ ᠳᠠᠭᠢᠨ ᠭᠢᠴᠢᠶᠠᠯ ᠰᠤᠨᠤᠰᠤᠭᠠᠤᠨ ᠳᠡᠭᠡᠭ᠍ᠰᠢᠯᠡᠯᠳᠡ ᠦᠭᠡᠶ ᠪᠣᠯ ᠰᠡᠷᠡᠮᠵᠢᠯᠡᠭᠦᠯᠳᠡᠭ᠌ ᠪᠠᠢ᠌ᠨ᠎ᠠ᠃ ᠥᠷᠭᠦᠯᠵᠢᠯᠡᠨ ᠭᠢᠴᠢᠶᠠᠯ ᠰᠤᠨᠤᠰᠤᠭᠠᠤᠨ ᠶᠠᠭ ᠠᠷᠭ᠎ᠠ ᠦᠭᠡᠶ ᠪᠣᠯ ᠭᠢᠴᠢᠶᠠᠯ ᠣᠷᠤᠬᠤ ᠶᠢ ᠵᠤᠭᠰᠤᠭᠠᠳᠠᠭ ᠪᠠᠢ᠌ᠨ᠎ᠠ᠃

ᠵᠢᠷᠭᠤᠭ᠎ᠠ᠄ ᠳ᠋ᠦ᠋ ᠯᠠᠩ ᠺᠧᠤ ᠳᠤᠮᠳᠠᠳᠤ ᠰᠤᠷᠭᠠᠭᠤᠯᠢ ᠳᠤ ᠳᠤᠭᠤᠷᠢᠨ ᠰᠤᠷᠤᠯᠴᠠᠵᠤ ᠪᠠᠢ᠌ᠭ᠎ᠠ ᠪᠠᠭᠰᠢ ᠨᠠᠷ ᠰᠤᠷᠤᠭᠴᠢ ᠡᠴᠡ ᠨᠢ ᠣᠯᠠᠨ ᠪᠠᠢ᠌ᠳᠠᠭ᠂ ᠪᠦᠭᠦ ᠣᠯᠤᠰ ᠤᠨ ᠡᠯ᠎ᠡ ᠭᠠᠵᠠᠷ ᠡᠴᠡ ᠡᠳᠦᠷ ᠪᠦᠷᠢ ᠳᠤᠭᠤᠷᠢᠨ ᠰᠤᠷᠤᠯᠴᠠᠵᠤ ᠪᠠᠢ᠌ᠭ᠎ᠠ ᠨᠢ ᠮᠢᠩᠭ᠋ᠠᠨ ᠭᠦᠮᠤᠨ ᠢ ᠳᠠᠪᠠᠵᠤ ᠪᠣᠢ᠃ ᠡᠳᠦᠷ ᠪᠦᠷᠢ ᠶᠢᠨ ᠡᠭᠦᠳᠡᠨ ᠪᠧᠯᠧᠲ᠋ ᠶᠢᠨ ᠣᠷᠤᠯᠭ᠎ᠠ ᠨᠢ ᠠᠷᠪᠠᠨ ᠲᠦᠮᠡ ᠶᠢ ᠭᠡᠳᠦᠷᠡᠵᠤ ᠪᠠᠢ᠌ᠨ᠎ᠠ᠃

ᠳᠡᠭᠡᠷᠡᠭᠢ ᠪᠣᠯ ᠮᠢᠨᠤ ᠳ᠋ᠦ᠋ ᠯᠠᠩ ᠺᠧᠤ ᠳᠤᠮᠳᠠᠳᠤ ᠰᠤᠷᠭᠠᠭᠤᠯᠢ ᠡᠴᠡ ᠣᠯᠵᠤ ᠬᠠᠷᠠᠭᠰᠠᠨ ᠭᠡᠰᠡᠭ᠌ ᠪᠣᠰᠠᠭ ᠵᠣᠢ᠌ᠯ ᠪᠣᠯᠬᠤ ᠶᠤᠮ᠃ ᠡᠷᠭᠢᠮ ᠪᠠᠭᠰᠢ ᠨᠡᠷ ᠭᠡᠭᠡᠨ ᠳᠡᠭᠡᠨ ᠳᠤᠯᠢᠳᠠᠵᠤ᠂ ᠰᠤᠳᠤ ᠶᠢ ᠨᠢ ᠠᠪᠴᠤ ᠰᠢᠭᠠᠷᠤ ᠶᠢ ᠨᠢ ᠬᠠᠶᠠᠵᠤ᠂ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠳᠡᠭᠡᠨ ᠯᠠᠪᠯᠠᠯᠳᠠ ᠪᠣᠯᠭᠠᠮᠤ︕


ᠠᠷᠤ ᠬᠤᠷᠴᠢᠨ ᠬᠤᠰᠢᠭᠤᠨ ᠤ ᠵᠢᠭᠠᠬᠤᠢ ᠰᠤᠷᠬᠤᠢ ᠶᠢ ᠰᠤᠳᠤᠯᠬᠤ ᠭᠡᠷ ᠤᠨ ᠰᠤᠳᠤᠯᠤᠭᠴᠢ ᠪᠠᠶᠠᠠᠪᠣᠯᠠᠭ

ᠵᠤᠬᠢᠶᠠᠭᠴᠢ᠄ ᠪᠠᠶᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3838
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ