☆ ᠰᠤ ᠠᠨᠢᠰᠤ
ᠪᠠᠶᠠᠷᠳᠠᠢ ᠣᠯᠠᠭᠠᠠᠪᠠᠭᠠᠳᠤᠷ
ᠣᠩᠭ᠋ᠤᠨ ᠪᠠᠢ᠌ᠭᠠᠯᠢ ᠵᠢᠨ
ᠴᠡᠴᠡᠭ᠌ ᠤᠨ ᠦᠨᠦᠷ ᠬᠠᠶᠠᠯᠠᠨ
ᠣᠭᠳᠠᠷᠭᠤᠢ ᠶᠢᠨ ᠳᠤᠩᠭ᠋ᠠᠯᠠᠭ
ᠴᠠᠪᠠᠷ ᠠᠭᠠᠷ ᠠᠮᠢᠰᠬᠤᠯᠠᠨ
ᠪᠠᠶᠠᠷᠳᠠᠢ᠂ ᠠᠶᠠᠨ ᠤ ᠴᠤᠪᠣᠭ᠎ᠠ ᠣᠯᠠᠭᠠᠠᠪᠠᠭᠠᠳᠤᠷ ᠮᠢᠨᠢ
ᠠᠵᠠ ᠵᠢᠷᠭᠠᠯ ᠡᠩᠭᠡ ᠶᠢᠨ ᠰᠠᠢ᠌ᠬᠠᠨ ᠣᠷᠤᠨ ᠡ
ᠣᠶᠠᠬᠠᠨ ᠪᠦᠰᠡᠭᠦᠢ ᠵᠢᠨ
ᠳᠤᠯᠠᠭᠠᠨ ᠡᠩᠭᠡᠷ ᠲᠤ ᠳᠠᠭᠠᠯᠭᠳᠠᠭᠰᠠᠨ
ᠣᠮᠤᠭᠳᠤ ᠡᠷᠡᠴᠦᠳ ᠤᠨ
ᠬᠠᠢ᠌ᠷ᠎ᠠ ᠶᠢᠨ ᠳᠠᠭᠤᠨ ᠳᠤ ᠰᠤᠭᠳᠤᠭᠤᠷᠠᠭᠰᠠᠨ
ᠪᠠᠶᠠᠷᠳᠠᠢ᠂ ᠰᠦᠨᠢ ᠶᠢᠨ ᠴᠡᠩᠭᠡᠯ ᠣᠯᠠᠭᠠᠠᠪᠠᠭᠠᠳᠤᠷ ᠮᠢᠨᠢ
ᠠᠵᠠ ᠵᠢᠷᠭᠠᠯ ᠡᠩᠭᠡ ᠶᠢᠨ ᠰᠠᠢ᠌ᠬᠠᠨ ᠣᠷᠤᠨ ᠡ
ᠣᠷᠠᠯᠢᠭ ᠤᠨ ᠳᠡᠭ᠍ᠷᠢ ᠳ᠋ᠤ
ᠣᠳᠤᠳ ᠤᠨ ᠭᠢᠯᠪᠠᠭ᠎ᠠ ᠰᠠᠴᠤᠭᠰᠠᠨ
ᠢᠷᠠᠭᠤ ᠨᠠᠢ᠌ᠷᠠᠭ ᠤᠨ
ᠣᠩᠭ᠋ᠤᠨ ᠳᠦᠷᠢ ᠪᠠᠷ ᠭᠡᠭᠡᠷᠡᠭ᠍ᠰᠡᠨ
ᠪᠠᠶᠠᠷᠳᠠᠢ᠂ ᠰᠤᠶᠤᠯ ᠤᠨ ᠪᠣᠯᠪᠠᠰᠤᠨ ᠣᠯᠠᠭᠠᠠᠪᠠᠭᠠᠳᠤᠷ ᠮᠢᠨᠢ
ᠠᠵᠠ ᠵᠢᠷᠭᠠᠯ ᠡᠩᠭᠡ ᠶᠢᠨ ᠰᠠᠢ᠌ᠬᠠᠨ ᠣᠷᠤᠨ ᠡ
ᠣᠭᠠᠯᠵᠠᠨ ᠥᠰᠦᠭ᠌ ᠤᠨ
ᠪᠣᠰᠤᠭ᠎ᠠ ᠳᠦᠷᠢ ᠶᠢ ᠪᠠᠯᠯᠠᠭᠰᠠᠨ
ᠣᠠᠳᠤᠤ ᠠᠪᠢᠶ᠎ᠠ ᠪᠠᠷ
ᠮᠤᠩᠭ᠋ᠤᠯ ᠨᠠᠷᠠ ᠪᠠᠨ ᠪᠢᠴᠢᠭᠯᠡᠭ᠍ᠰᠡᠨ
ᠪᠠᠶᠠᠷᠳᠠᠢ᠂ ᠡᠭᠡ ᠭᠡᠯᠡᠨ ᠤ ᠮᠢᠨᠢ ᠣᠯᠠᠭᠠᠠᠪᠠᠭᠠᠳᠤᠷ
ᠠᠵᠠ ᠵᠢᠷᠭᠠᠯ ᠡᠩᠭᠡ ᠶᠢᠨ ᠰᠠᠢ᠌ᠬᠠᠨ ᠣᠷᠤᠨ ᠡ
ᠡᠵᠡᠨ ᠴᠢᠩᠭᠢᠰ ᠤᠨ
ᠭᠠᠯ ᠭᠤᠯᠤᠮᠳᠠ ᠶᠢ ᠪᠠᠳᠠᠷᠠᠭᠠᠭᠰᠠᠨ
ᠡᠷᠡᠨ ᠵᠠᠭᠤᠨ ᠤ
ᠠᠯᠤᠰ ᠤᠨ ᠭᠡᠭᠡ ᠶᠢ ᠬᠤᠷᠣᠢ᠌ᠯᠠᠭᠰᠠᠨ
ᠪᠠᠶᠠᠷᠳᠠᠢ᠂ ᠣᠢ᠌ᠯᠠᠰ ᠤᠨ ᠰᠠᠢ᠌ᠬᠠᠨ ᠣᠯᠠᠭᠠᠠᠪᠠᠭᠠᠳᠤᠷ ᠮᠢᠨᠢ
ᠠᠵᠠ ᠵᠢᠷᠭᠠᠯ ᠡᠩᠭᠡ ᠶᠢᠨ ᠰᠠᠢ᠌ᠬᠠᠨ ᠣᠷᠤᠨ ᠡ
ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2781
ᠴᠠᠭ᠄ 2009 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ