☆ ᠣᠷᠭᠢᠯᠤᠮ᠎ᠠ
ᠬᠠᠢ᠌ᠷᠠᠯᠠᠳᠠᠭ ᠤᠨ ᠣᠴᠢᠷ ᠡᠴᠡ
ᠰᠤᠷᠤᠭᠴᠢ ᠮᠥᠩᠭᠡᠳᠡᠯᠡᠢ ᠶᠢᠨ ᠠᠩᠬᠠᠨ ᠤ ᠴᠤᠮᠤᠭ
ᠬᠠᠢ᠌ᠷᠠᠯᠠᠳᠠᠭ ᠰᠢᠤ ᠳ᠋ᠠ᠂ ᠡᠵᠢ ᠮᠢᠨᠢ ᠳ᠋ᠤ
ᠬᠠᠢ᠌ᠷᠠᠯᠠᠳᠠᠭ ᠰᠢᠤ ᠳ᠋ᠠ᠂ ᠡᠵᠢ ᠮᠢᠨᠢ ᠁
ᠭᠡᠨ ᠳᠤ ᠴᠤ ᠭᠡᠯᠡᠭᠡ ᠦᠭᠡᠶ ᠶᠠᠪᠣᠨ᠎ᠠ ᠁
ᠭᠡᠯᠡᠭ᠍ᠰᠡᠨ ᠥᠭᠡ ᠴᠢᠨᠢ ᠡᠩ ᠪᠣᠷᠤᠭᠵᠢᠭᠤᠨ ᠴᠤ
ᠭᠦᠩᠭᠢᠨᠡᠭ᠍ᠰᠡᠨ ᠠᠶᠠᠯᠭᠤ ᠴᠢᠨᠢ ᠵᠢᠷᠦᠭᠡ ᠣᠶᠠᠰᠬᠠᠨᠠ
ᠬᠠᠢ᠌ᠷᠠᠯᠠᠳᠠᠭ ᠤᠨ ᠣᠴᠢᠷ ᠡᠴᠡ
ᠴᠢ ᠮᠢᠨᠢ
ᠮᠠᠩᠬᠠᠨ ᠨᠤᠭᠤᠭ᠎ᠠ ᠰᠢᠭ᠌ ᠠᠩᠭ᠋ᠠᠵᠤ ᠥᠰᠦᠭ᠍ᠰᠡᠨ ᠴᠤ
ᠬᠠᠮᠬᠤᠤᠯ ᠪᠣᠯᠵᠤ ᠭᠡᠢ᠌ᠰᠴᠤ ᠶᠠᠪᠣᠭ᠎ᠠ ᠦᠭᠡᠶ᠂ ᠴᠠᠭ ᠤᠨ ᠣᠷᠤᠰᠬᠠᠯ ᠳᠤ
ᠬᠠᠢ᠌ᠷᠠᠯᠠᠳᠠᠭ ᠤᠨ ᠣᠴᠢᠷ ᠡᠴᠡ
ᠴᠢ ᠮᠢᠨᠢ
ᠠᠯᠳᠠᠷᠳᠠᠨ ᠪᠣᠯᠵᠤ ᠭᠢᠯᠠᠷᠠᠵᠤ ᠶᠠᠪᠣᠭ᠎ᠠ ᠦᠭᠡᠶ ᠴᠤ
ᠠᠶᠠᠯᠭᠤ ᠳᠠᠭᠤᠤ ᠶᠢᠨ ᠳᠡᠭᠡᠵᠢ ᠪᠠᠨ ᠡᠷᠭᠦᠨ ᠶᠠᠪᠣᠨ᠎ᠠ᠂ ᠠᠴᠢ ᠶᠢᠨ ᠬᠠᠷᠢᠭᠤ ᠳᠤ
ᠲ᠋ᠠᠢ᠌ᠴᠢᠠᠳᠠᠯᠠ ᠪᠠᠭᠠᠳᠤᠷᠯᠢᠭ ᠣᠷᠤᠨ ᠁
ᠦᠷ᠎ᠡ ᠮᠢᠨᠦᠭᠡᠨ ᠤ ᠦᠨᠢᠳᠠ ᠶᠢᠨ ᠨᠤᠳᠤᠭ ᠁
ᠦᠨᠦᠴᠢᠨ ᠵᠠᠪᠢ ᠰᠢᠭ᠌ ᠭᠦᠪᠴᠤ ᠶᠠᠪᠣᠭ᠎ᠠ ᠦᠷ᠎ᠡ ᠶᠢᠨ ᠰᠡᠳᠭᠢᠯ ᠳᠤ
ᠡᠭᠡ ᠨᠤᠳᠤᠭ ᠭᠡᠭ᠍ᠴᠢ ᠣᠠᠳᠠᠷᠠᠰᠢ ᠦᠭᠡᠶ ᠴᠠᠮᠬᠠᠭ ᠪᠠᠢ᠌ᠨ᠎ᠠ
ᠬᠠᠢ᠌ᠷᠠᠯᠠᠳᠠᠭ ᠤᠨ ᠣᠴᠢᠷ ᠡᠴᠡ
ᠠᠭᠤᠯᠠ ᠶᠢᠨ ᠶᠢᠡᠨ ᠰᠦᠷ ᠢ ᠴᠤᠭᠢᠯᠭ᠎ᠠ ᠳᠤ ᠪᠠᠨ ᠰᠢᠩᠭᠡᠵᠡᠢ
ᠣᠰᠤᠨ ᠤ ᠪᠠᠨ ᠳᠤᠩᠭ᠋ᠠᠯᠠᠭ ᠢ ᠡᠭᠡᠰᠢᠭ᠌ ᠳᠤ ᠪᠠᠨ ᠣᠶᠠᠩᠭ᠋ᠠᠯᠠᠵᠠᠢ
ᠣᠷᠭᠤᠮᠠᠯ ᠤᠨ ᠶᠢᠡᠨ ᠥᠩᠭᠡ ᠶᠢ ᠰᠡᠳᠭᠢᠯ ᠳᠤ ᠪᠠᠨ ᠵᠢᠷᠤᠭᠯᠠᠵᠠᠢ
ᠬᠠᠢ᠌ᠷᠠᠯᠠᠳᠠᠭ ᠤᠨ ᠣᠴᠢᠷ ᠡᠴᠡ
ᠦᠪ ᠰᠤᠶᠤᠯ ᠡᠴᠡ ᠪᠠᠨ ᠦᠨᠳᠦᠰᠦ ᠠᠪᠣᠭᠰᠠᠨ ᠶᠢᠡᠨ
ᠠᠪᠣ ᠡᠵᠢ ᠡᠴᠡ ᠪᠠᠨ ᠠᠮᠢ ᠣᠯᠤᠭᠰᠠᠨ ᠶᠢᠡᠨ
ᠠᠬᠠᠰ ᠵᠠᠬᠠᠰ ᠡᠴᠡ ᠪᠠᠨ ᠰᠤᠷᠭᠠᠯ ᠭᠦᠷᠳᠡᠭ᠍ᠰᠡᠨ ᠵᠢᠠᠨ
ᠠᠮᠢᠳᠠᠨ ᠭᠤᠤᠯᠳᠠᠨ ᠡᠴᠡ ᠪᠠᠨ ᠨᠢᠭᠤᠴᠠ ᠮᠡᠳᠡᠭ᠍ᠰᠡᠨ ᠵᠢᠠᠨ
ᠨᠠᠢ᠌ᠷᠠᠭ ᠪᠣᠯᠭᠠᠨ ᠣᠶᠠᠩᠭ᠋ᠠᠯᠠᠭᠰᠠᠨ ᠪᠠᠢ᠌ᠨ᠎ᠠ᠂ ᠴᠢ ᠮᠢᠨᠢ
ᠬᠠᠢ᠌ᠷᠠᠯᠠᠳᠠᠭ ᠤᠨ ᠣᠴᠢᠷ ᠡᠴᠡ
ᠪᠦᠳᠦᠷᠢᠵᠤ ᠣᠨᠠᠭᠰᠠᠨ ᠴᠤ
ᠪᠦᠭᠦᠢᠵᠤ ᠠᠮᠢᠳᠤᠷᠠᠬᠤ ᠦᠭᠡᠶ ᠶᠢᠨ ᠵᠤᠷᠢᠭ ᠶᠢᠡᠨ
ᠪᠦᠷᠦᠩᠭᠦᠢ ᠪᠣᠯᠤᠭᠰᠠᠨ ᠴᠤ
ᠪᠦᠭᠬᠦᠵᠤ ᠣᠠᠳᠠᠷᠠᠬᠤ ᠦᠭᠡᠶ ᠭᠦᠰᠡᠯ ᠵᠢᠠᠨ
ᠨᠤᠲ᠋ ᠪᠣᠯᠭᠠᠨ ᠡᠭᠡᠰᠢᠭᠯᠡᠭ᠍ᠰᠡᠨ ᠪᠠᠢ᠌ᠨ᠎ᠠ᠂ ᠴᠢ ᠮᠢᠨᠢ
ᠬᠠᠢ᠌ᠷᠠᠯᠠᠳᠠᠭ ᠤᠨ ᠣᠴᠢᠷ ᠡᠴᠡ
ᠳᠠᠭᠤᠤ ᠶᠢ ᠴᠢᠨᠢ ᠰᠤᠨᠤᠰᠤᠭᠰᠠᠨ ᠪᠦᠭᠦᠨ
ᠳᠤᠷᠠᠰᠤᠭᠠᠤᠨ ᠢᠷᠠᠨ᠎ᠠ᠂ ᠴᠢᠮ᠎ᠠ ᠶᠢ ᠪᠠᠨ
ᠳᠤᠷᠠᠯᠠᠵᠤ ᠪᠠᠢ᠌ᠭᠰᠠᠨ ᠨᠢᠭᠡ ᠨᠢ
ᠳᠤᠷᠤᠭᠰᠢ ᠬᠠᠷᠠᠵᠤ ᠮᠡᠯᠮᠡᠯᠵᠡᠭᠦᠯᠦᠨᠡ
ᠳᠤᠭᠣᠢ᠌ᠷᠠᠵᠤ ᠰᠠᠭᠤᠭᠰᠠᠨ ᠪᠢᠳᠠ ᠳᠤᠯᠤᠭᠠᠢ ᠳᠤᠭᠢᠵᠤ ᠪᠠᠶᠠᠰᠤᠨ᠎ᠠ
ᠬᠠᠢ᠌ᠷᠠᠯᠠᠳᠠᠭ ᠤᠨ ᠣᠴᠢᠷ ᠡᠴᠡ
ᠠᠩᠬᠠᠨ ᠤ ᠴᠤᠮᠤᠭ ᠡᠴᠡ ᠴᠢᠨᠢ ᠡᠭᠢᠯᠡᠨ
ᠠᠶᠯᠭᠠᠤ ᠴᠢᠨᠢ ᠬᠠᠩᠭᠢᠨᠠᠵᠤ
ᠠᠯᠳᠠᠷ ᠴᠢᠨᠢ ᠮᠠᠠᠳᠤᠭ ᠡ
ᠠᠯᠤᠰ ᠪᠠᠢ᠌ᠭᠰᠠᠨ ᠴᠤ ᠢᠷᠦᠭᠡᠯ ᠰᠢᠩᠭᠡᠳᠦᠭᠡᠢ ᠭᠡᠵᠤ
ᠠᠷᠪᠠᠨ ᠵᠥᠭ᠌ ᠲᠤ ᠳᠠᠭᠠᠳᠬᠠᠨ ᠪᠠᠢ᠌ᠨ᠎ᠠ᠂ ᠪᠢᠳᠠ ︕
ᠵᠤᠬᠢᠶᠠᠭᠴᠢ ᠶᠢᠨ ᠬᠠᠶᠢᠭ ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2788
ᠴᠠᠭ᠄ 2011 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ