☆ ᠴ·ᠮᠦᠩᠭᠦᠨᠡᠷᠳᠡᠨᠢ
ᠤᠶᠠᠩᠭ᠋ᠠᠳᠤ ᠨᠠᠮᠤᠷ
ᠬᠤᠷᠮᠤᠢ ᠳᠤᠰᠤᠳᠠᠭᠰᠠᠨ ᠬᠤᠨᠢᠨ ᠱᠦᠯᠦ
ᠭᠦᠡᠳᠡᠢ ᠪᠢᠯᠬᠠᠳᠠᠯ᠎ᠠ ᠱᠠᠩᠳᠠᠭᠤᠨ ᠶᠠᠷᠢᠵᠤ
ᠰᠤᠯᠠ ᠵᠤᠷᠴᠢᠭᠰᠠᠨ ᠴᠠᠭᠠᠨ ᠡᠭᠦᠯᠡ
ᠬᠤᠨ ᠰᠤᠠᠳᠠᠯ᠎ᠠ ᠰᠡᠢ᠌ᠭᠡᠨ ᠶᠠᠪᠣᠵᠤ
ᠭᠡᠭᠡᠷ᠎ᠡ ᠭᠠᠵᠠᠷ ᠬᠠᠷᠠᠭ᠎ᠠ ᠠᠯᠳᠠᠮᠠᠷ
ᠭᠦᠷᠦᠩᠭᠡ ᠰᠠᠭᠤᠵᠤ ᠥᠭᠡᠭᠦ ᠵᠤᠵᠠᠭᠠᠷᠠᠭᠰᠠᠨ
ᠭᠡᠭᠡᠷ᠎ᠡ ᠶᠢᠨ ᠭᠦᠮᠤᠨ ᠢ ᠰᠠᠨᠠᠭ᠎ᠠ ᠬᠠᠷᠠᠰᠠᠮᠠᠷ
ᠭᠦᠳᠡᠭᠡ ᠥᠭᠡᠢ᠌ᠯᠡᠵᠤ ᠰᠡᠷᠢᠭᠦᠤ ᠳᠠᠳᠠᠭᠰᠠᠨ
ᠬᠠᠢ᠌ᠷᠬᠠᠨ ᠨᠠᠮᠤᠷ ᠮᠢᠨᠢ ᠦᠨᠢᠷ ᠢᠷᠠᠯ᠎ᠠ
ᠬᠣᠢ᠌ᠳᠤ ᠭᠠᠵᠠᠷ ᠳᠠᠩᠰᠤᠭ ᠢᠷᠠᠯ᠎ᠠ᠃
ᠰᠠᠢ᠌ᠷᠳᠤ ᠭᠤᠪᠢ ᠶᠢᠨ ᠠᠭᠤᠳᠠᠮ ᠭᠦᠡᠳᠡᠢ
ᠰᠠᠷ᠎ᠠ ᠳᠤᠨᠤᠭᠤᠯᠵᠤ ᠰᠠᠤᠠᠭᠢᠯ ᠠᠷᠭᠠᠳᠠᠭᠰᠠᠨ
ᠰᠠᠷᠠᠭᠤᠯ ᠣᠬᠠᠭᠠᠠᠳᠤ ᠰᠠᠴᠠᠨ ᠮᠠᠯᠴᠢᠨ
ᠰᠥ᠋ ᠱᠠᠭᠢᠭᠤᠯᠵᠤ ᠢᠳᠡᠭᠡᠯ ᠰᠥᠮᠪᠦᠷᠯᠡᠭ᠍ᠰᠡᠨ
ᠣᠰᠤᠨ ᠨᠢᠳᠤᠯᠠᠵᠤ ᠳᠡᠭ᠍ᠷᠢ ᠨᠢ ᠵᠤᠪᠠᠬᠤ ᠦᠭᠡᠶ
ᠣᠷᠤᠭᠤ ᠴᠢᠷᠠᠢ᠌ᠯᠠᠵᠤ ᠠᠭᠤᠯᠠ ᠨᠢ ᠵᠠᠪᠠᠭᠠᠬᠤ ᠦᠭᠡᠶ
ᠨᠠᠢ᠌ᠷ ᠲᠤ ᠳᠠᠨᠢᠯᠴᠠᠭᠰᠠᠨ ᠭᠡᠦᠭᠡᠨ ᠤ ᠢᠨᠢᠶᠠᠳᠤ
ᠰᠤᠨᠤᠷ ᠴᠢᠭᠢᠭ᠍ᠳᠦᠭᠡᠨ ᠬᠠᠳᠠᠭ᠎ᠠ ᠦᠭᠡᠶ
ᠰᠠᠢ᠌ᠷ ᠲᠤ ᠭᠡᠪᠳᠡᠭ᠍ᠰᠡᠨ ᠬᠤᠨᠢᠨ ᠰᠥᠷᠦᠭ᠌
ᠥᠤᠷ ᠠᠩᠵᠠᠭᠠᠷᠠᠨ ᠶᠠᠭᠠᠷᠠᠭ᠎ᠠ ᠦᠭᠡᠶ
ᠦᠷᠦᠮ᠎ᠡ ᠳᠤᠰᠤᠨ ᠤ ᠠᠭᠰᠢᠭᠤᠨ ᠬᠠᠯᠪᠠᠭ᠎ᠠ
ᠢᠯᠠᠭ᠎ᠠ ᠪᠠᠳᠠᠭᠠᠨ᠎ᠠ ᠥᠵᠡᠭᠡ ᠦᠭᠡᠶ
ᠦᠨᠳᠦᠷ ᠰᠢᠯᠢ ᠶᠢᠨ ᠰᠡᠷᠢᠭᠦᠨ ᠳᠤᠯᠤᠭᠠᠢ
ᠣᠰᠤ ᠰᠢᠭᠦᠳᠡᠷᠢ ᠳᠠᠳᠠᠭ᠎ᠠ ᠦᠭᠡᠶ
ᠵᠤᠨ ᠶᠢᠡᠨ ᠬᠤᠷᠮᠣᠢ᠌ᠯᠠᠵᠤ ᠳᠦᠭᠦᠭ᠍ᠰᠡᠨ ᠨᠠᠮᠤᠷ
ᠵᠤᠰᠠᠭᠠᠯ ᠳᠠᠭᠠᠨ ᠳᠠᠳᠠᠭᠳᠠᠵᠤ ᠶᠠᠪᠣᠭ᠎ᠠ ᠦᠭᠡᠶ
ᠵᠣᠢ᠌ᠯ ᠤᠨ ᠴᠡᠴᠡᠭ᠌ ᠤᠨ ᠶᠢᠡᠨ ᠦᠷ᠎ᠡ ᠶᠢ ᠡᠪᠠᠢ᠌ᠯᠡᠵᠤ
ᠵᠢᠰᠤ ᠪᠠᠷ ᠶᠢᠡᠨ ᠭᠤᠮᠤᠳᠠᠵᠤ ᠣᠨᠠᠭ᠎ᠠ ᠦᠭᠡᠶ
ᠠᠵᠢᠯ ᠳᠤ ᠭᠠᠷᠰᠢᠭᠰᠠᠨ ᠠᠢ᠌ᠯ ᠤᠨ ᠵᠤᠭᠤᠭ
ᠠᠭᠠᠭ ᠳᠦᠭᠦᠷᠡᠩ ᠪᠠᠶᠠᠷ ᠲᠡᠶ ᠯᠠ ᠨᠠᠮᠤᠷ
ᠠᠩᠭ᠋ᠠᠷᠠᠭ ᠲᠤ ᠳᠡᠭᠦᠯᠢᠮᠡ ᠭᠦᠰᠡᠯ ᠤᠨ ᠵᠠᠭᠠᠭ
ᠠᠮᠤᠷ ᠳᠠᠢ᠌ᠪᠣᠩ ᠪᠣᠶᠠᠨ ᠲᠡᠶ ᠯᠠ ᠨᠠᠮᠤᠷ
ᠵᠢᠯ ᠵᠢᠯ ᠳᠠᠩᠰᠤᠭ ᠢᠷᠡᠳᠡᠭ᠌
ᠳᠠᠪᠢᠨ ᠵᠢᠯ ᠤᠨ ᠣᠶᠠᠩᠭ᠋ᠠᠳᠤ ᠨᠠᠮᠤᠷ
ᠵᠦᠳᠠᠯ ᠵᠢᠷᠭᠠᠯ ᠳᠡᠭᠡᠵᠢᠯᠡᠵᠤ ᠪᠠᠭᠤᠳᠠᠭ
ᠳᠠᠯ᠎ᠠ ᠨᠤᠳᠤᠭ ᠤᠨ ᠪᠠᠶᠠᠨ ᠨᠠᠮᠤᠷ
ᠭᠦᠡᠳᠡᠢ ᠪᠢᠯᠬᠠᠭᠰᠠᠨ ᠬᠤᠨᠢᠨ ᠱᠦᠯᠦ
ᠬᠤᠷᠮᠤᠢ ᠳᠤᠰᠤᠳᠠᠭᠰᠠᠨ ᠱᠠᠩᠳᠠᠭᠤᠨ ᠨᠠᠮᠤᠷ
ᠭᠦᠤ ᠭᠡᠦᠭᠡᠨ ᠤ ᠬᠤᠷᠢᠮ ᠤᠨ ᠡᠳᠦᠷ ᠤᠳ ᠲᠡᠶ
ᠭᠡᠳᠡᠢ᠌ᠨ ᠢᠷᠡᠭ᠍ᠰᠡᠨ ᠱᠠᠭᠰᠢᠭᠤᠨ ᠨᠠᠮᠤᠷ ᠁
ᠵᠤᠬᠢᠶᠠᠭᠴᠢ᠄ ᠴ·ᠮᠦᠩᠭᠦᠨᠡᠷᠳᠡᠨᠢ
ᠢᠷᠡᠯᠲᠡ᠄ ᠴ·ᠮᠦᠩᠭᠦᠨᠡᠷᠳᠡᠨᠢ
ᠬᠠᠷᠢᠶ᠎ᠠ᠄
ᠰᠢᠯᠦᠭᠳᠠᠷᠤᠮ᠄ 4279
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ