☆ ᠰᠠᠷ᠎ᠠ
ᠨᠠᠮᠤᠷ ᠨᠤᠳᠤᠭ
ᠥᠭᠦᠭᠡᠷᠳᠦᠯ ᠭᠦᠰᠡᠭ᠍ᠰᠡᠨ ᠳᠤᠩᠭ᠋ᠠᠯᠠᠭ ᠨᠢᠯᠪᠣᠰᠤ ᠰᠢᠭ
ᠠᠷᠴᠢᠬᠤ ᠪᠠᠨ ᠮᠠᠷᠳᠠᠭᠰᠠᠨ ᠭᠤᠮᠤᠳᠠᠯ
ᠰᠠᠷ᠎ᠠ ᠮᠡᠯᠳᠡᠷᠡᠭᠦ ᠰᠠᠯᠭᠢᠨ ᠠᠶᠠᠯᠭᠤ ᠳᠠᠢ
ᠵᠡᠭᠦᠳᠤᠨ ᠴᠡᠩᠭᠡᠷ ᠮᠠᠯᠮᠠᠢ
ᠠᠶᠠᠨ ᠤ ᠰᠢᠪᠠᠭᠤ ᠬᠤᠷᠭᠤᠳᠠᠨ ᠣᠶᠠᠩᠭ᠋ᠠᠷᠠᠭᠰᠠᠨ
ᠱᠠᠠᠵᠠ ᠶᠢᠨ ᠰᠢᠷᠤᠩᠬᠠᠢ ᠡᠭᠡᠰᠢᠭ᠌
ᠠᠯᠳᠠᠨ ᠠᠶᠠᠭᠠᠨ ᠡᠴᠠ ᠠᠯᠳᠠᠷᠠᠨ ᠮᠡᠯᠳᠡᠷᠡᠭ᠍ᠰᠡᠨ
ᠡᠵᠢ ᠶᠢᠨ ᠰᠦᠨ ᠰᠠᠴᠤᠯᠢ
ᠭᠦᠳᠦᠯ ᠤᠨ ᠣᠷᠤᠢ ᠨᠠᠮᠬᠠᠷᠠᠭᠤᠯᠵᠤ
ᠭᠦᠳᠦᠰᠤᠨ ᠳᠠᠪᠠᠯ ᠨᠢ ᠨᠠᠷᠠᠨ ᠦᠨᠦᠷ ᠳᠠᠢ
ᠪᠣᠳᠤᠯ ᠰᠢᠠᠳᠠᠰᠤᠳᠤ ᠪᠣᠭᠤᠷᠤᠯ ᠡᠪᠦᠭᠡᠳ ᠤᠨ
ᠪᠣᠱᠤᠭ ᠰᠤᠶᠤᠷᠬᠠᠭᠰᠠᠨ ᠣᠭᠭᠠᠨ ᠤ ᠬᠤᠢ ᠳᠠᠢ
ᠨᠠᠭᠤᠷ ᠠᠮᠤᠷ ᠪᠣᠯ ᠨᠤᠳᠤᠭ ᠠᠮᠤᠷ
ᠴᠢᠯᠠᠭᠤᠳ ᠨᠢ ᠵᠥᠭᠡᠯᠡᠷᠡᠳᠡᠭ᠌ ᠰᠢᠷᠤᠢ
ᠦᠨᠦᠴᠢᠨ ᠪᠣᠳᠤᠭᠤ ᠶᠢᠨ ᠰᠦᠨ ᠪᠣᠢ᠌ᠯᠠᠭᠠᠨ ᠳ᠋ᠤ
ᠣᠳᠤᠳ ᠨᠢ ᠰᠤᠯᠢᠷᠰᠢᠳᠠᠭ ᠨᠤᠳᠤᠭ
ᠬᠤᠠᠳᠤ ᠳᠤ 2011.11.30
ᠵᠤᠬᠢᠶᠠᠭᠴᠢ ᠶᠢᠨ ᠬᠠᠶᠢᠭ ᠄ ᠣᠯᠭᠠᠠᠬᠠᠳᠠ ᠬᠤᠳᠠ
ᠵᠤᠬᠢᠶᠠᠭᠴᠢ᠄ ᠰᠠᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2981
ᠴᠠᠭ᠄ 2011 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ