ᠨᠡᠪᠲᠡᠷᠡᠨ ᠤᠷᠤᠬᠤ
ᠵᠡᠭᠦᠳᠤᠨ ᠪᠣᠷᠤᠭᠠᠨ

ᠰᠠᠮ ᠰᠠᠮ ᠶᠢᠡᠷ ᠴᠢ ᠪᠢᠳᠠ ᠨᠢᠭᠡᠨ ᠶᠢᠡᠨ ᠰᠠᠨᠠᠬᠤ ᠰᠢᠭ᠌

ᠰᠡᠯᠡᠭᠦᠭᠡᠨ ᠪᠦᠷᠦᠢ ᠪᠠᠷ ᠵᠥᠭᠡᠯᠡᠨ ᠪᠣᠷᠤᠭᠠᠨ ᠱᠠᠭᠢᠨ᠎ᠠ

ᠣᠯᠠᠯᠵᠠᠳᠠᠯ᠎ᠠ ᠳᠡᠯᠭᠡᠷᠡᠭ᠍ᠰᠡᠨ ᠳᠤᠭᠤᠷ ᠤᠨ ᠮᠤᠳᠤᠨ ᠤ ᠪᠦᠷᠦᠭ᠍ᠭᠡᠨ ᠨᠦᠮᠦᠷᠢ ᠳ᠋ᠤ

ᠣᠬᠠᠭᠠᠯᠢᠭ ᠭᠦᠭᠡᠷᠦᠭᠦᠨ ᠴᠢ ᠮᠢᠨᠢ ᠨᠤᠷᠤᠭᠰᠠᠭᠠᠷ ᠵᠤᠭᠰᠤᠨ᠎ᠠ

ᠰᠡᠷᠢᠭᠦᠭᠡᠨ ᠱᠠᠪᠰᠢᠭᠠᠨ ᠳᠤ ᠵᠢᠭᠡᠭᠦᠰᠴᠢᠭᠡᠭᠦ ᠪᠣᠢ ᠭᠡᠵᠤ ᠵᠢᠷᠦᠭᠡ ᠰᠢᠮᠰᠢᠷᠠᠨ

ᠰᠢᠭᠦᠷ ᠶᠢᠡᠨ ᠡᠷᠭᠦᠭ᠍ᠰᠡᠭᠡᠷ ᠪᠢ ᠴᠢᠨᠤ ᠵᠥᠭ᠌ ᠠᠯᠬᠤᠯᠠᠨ᠎ᠠ


ᠪᠣᠷᠤ ᠵᠢᠷᠦᠭᠡᠨ ᠤ ᠳᠤᠭᠳᠤᠯᠤᠯ ᠶᠢᠡᠨ ᠳᠠᠷᠤᠵᠤ ᠶᠠᠳᠠᠨ  

ᠭᠦᠵᠦᠭᠦᠤ ᠪᠠᠷ ᠳᠡᠪᠠᠷᠢᠭ᠍ᠰᠡᠨ ᠭᠠᠷ ᠴᠢᠨᠢ ᠳᠠᠢ᠌ᠮᠤ ᠳᠦᠭᠡᠨᠡᠮ᠎ᠡ

ᠪᠣᠯᠪᠠᠷᠠᠢ ᠵᠥᠭᠡᠯᠡᠨ ᠬᠠᠴᠠᠷ ᠢ ᠴᠢᠨᠢ ᠥᠨᠦᠰᠭᠦ ᠳᠤ

ᠪᠠᠶ᠎ᠠ ᠶᠢᠨ ᠴᠢᠨᠢ ᠢᠯᠴᠢ ᠪᠠᠷ ᠪᠣᠷᠤᠭᠠᠨ ᠤ ᠦᠨᠦᠷ ᠠᠩᠭᠢᠯᠤᠮ᠎ᠠ

ᠶᠠᠭᠠᠭᠢᠬᠤ ᠳᠠᠭᠠᠨ ᠪᠢᠳᠠ ᠡ᠊ᠨᠳᠡ ᠠᠭᠤᠯᠵᠠᠭᠰᠠᠨ ᠶᠢᠡᠨ ᠦᠯᠦ ᠮᠠᠳᠠᠨ᠎ᠠ

ᠶᠠᠮᠠᠷ ᠭᠠᠵᠠᠷ ᠢᠷᠡᠭ᠍ᠰᠡᠨ ᠶᠢᠡᠨ ᠴᠤ ᠡᠰᠡ ᠣᠢ᠌ᠯᠭᠠᠨ᠎ᠠ


ᠨᠠᠮ᠎ᠠ ᠶᠢ ᠨᠠᠯᠠᠵᠤ ᠰᠢᠭᠦᠷ ᠤᠨ ᠳᠤᠤᠷ᠎ᠠ ᠴᠢ ᠮᠢᠨᠢ ᠠᠯᠬᠤᠯᠠᠨ᠎ᠠ

ᠨᠠᠷᠠᠨ ᠠᠯᠠᠭ ᠨᠢᠳᠤ ᠶᠢ ᠴᠢᠨᠢ ᠪᠢ ᠳᠠᠭᠤ ᠦᠭᠡᠶ ᠰᠢᠷᠳᠠᠨ

ᠳᠤᠰᠤᠯ ᠪᠣᠷᠤᠭᠠᠨ ᠡᠴᠡ ᠴᠤ ᠴᠢᠮ᠎ᠠ ᠪᠠᠨ ᠬᠠᠷᠠᠮᠨᠠᠬᠤ ᠳᠠᠭᠠᠨ

ᠳᠠᠯ᠎ᠠ ᠪᠠᠶ᠎ᠠ ᠮᠢᠨᠢ ᠨᠤᠷᠴᠤ ᠪᠠᠢ᠌ᠭᠰᠠᠨ ᠴᠤ ᠳᠠᠭᠠᠳᠠᠢ

ᠬᠠᠮᠤᠭ ᠬᠤᠯᠠ ᠳᠠᠭᠠᠨ ᠶᠠᠪᠣᠭᠠᠤᠨ ᠪᠠᠢ᠌ᠶ᠎ᠠ ᠭᠡᠵᠤ ᠰᠠᠨᠠᠨ᠎ᠠ


ᠨᠠᠷᠠ ᠡᠭᠦᠯᠡᠰ ᠤᠨ ᠴᠤᠭᠤᠷᠬᠠᠢ ᠪᠠᠷ ᠢᠯᠠ ᠭᠠᠷᠤᠨ᠎ᠠ

ᠨᠠᠮᠬᠠᠨ ᠣᠯᠠᠭᠠᠨ ᠳᠤᠶᠠᠭᠠᠨ ᠳᠠᠭᠠᠨ ᠮᠠᠨ ᠢ ᠡᠷᠭᠡᠯᠡᠭᠦᠯᠦᠨ᠎ᠡ

ᠠᠮᠠᠷᠠᠭ ᠳᠤᠷᠠᠯᠠᠯ ᠤᠨ ᠡᠨᠡᠭᠡᠨ ᠬᠤᠷᠤᠮ ᠳᠤ ᠶᠠᠭᠤ ᠪᠦᠭᠦᠨ ᠮᠠᠷᠳᠠᠭᠳᠠᠨ

ᠠᠳᠬᠤᠭᠰᠠᠨ ᠰᠢᠭᠦᠷ ᠮᠢᠨᠢ ᠬᠠᠵᠠᠭᠤ ᠳᠠᠰᠢ ᠪᠠᠨ ᠨᠠᠯᠠᠭᠠᠤᠨ ᠯᠠ ᠣᠨᠠᠪᠠ

ᠴᠢ ᠪᠢᠳᠠ ᠣᠬᠠᠭ᠎ᠠ ᠠᠯᠳᠠᠨ ᠬᠡᠦᠬᠡᠳ ᠰᠢᠭ᠌ ᠳᠤᠭᠳᠤᠯᠤᠨ  

ᠴᠡᠭᠡᠷ ᠤᠨ ᠭᠦᠰᠢᠭᠡ ᠶᠢ ᠨᠢᠭᠡᠮᠦᠰᠤᠨ ᠢᠷᠠᠵᠤ ᠣᠤᠭᠠᠨ ᠦᠨᠦᠰᠤᠯ ᠳᠡᠭᠡᠨ ᠰᠤᠭᠳᠤᠨ᠎ᠠ᠁     


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 05 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ