ᠨᠡᠪᠲᠡᠷᠡᠨ ᠤᠷᠤᠬᠤ
ᠳᠤᠷᠠᠯᠠᠯ ᠳᠠᠨᠢᠬᠤ ᠦᠭᠡᠶ ᠶᠤᠮ ᠪᠣᠯ

ᠳᠤᠷᠠᠯᠠᠯ ᠳᠠᠨᠢᠬᠤ ᠦᠭᠡᠶ ᠶᠤᠮ ᠪᠣᠯ

ᠰᠢᠯᠦᠭ᠌ ᠣᠷᠠᠯᠠᠬᠤ ᠭᠡᠷᠡᠭ᠌ ᠦᠭᠡᠶ

ᠳᠠᠭᠤᠤ ᠮᠡᠳᠡᠭᠦ ᠦᠭᠡᠶ ᠶᠤᠮ ᠪᠣᠯ

ᠭᠦᠯᠦᠭ᠌ ᠰᠤᠷᠢᠬᠤ ᠵᠢᠪᠬᠤᠭ᠎ᠠ ᠦᠭᠡᠶ

ᠳᠤᠷᠭᠠᠮᠰᠤᠭ ᠣᠶᠠᠬᠠᠨ ᠰᠤᠷᠮᠤᠤᠰᠤ ᠶᠢᠨ

ᠴᠠᠪᠴᠢᠯᠠᠬᠤ ᠳᠤᠭᠠᠯᠠᠩ ᠠᠭᠱᠠᠨ ᠳᠤ

ᠡᠷᠭᠢᠮᠰᠦᠭ᠌ ᠬᠦᠭᠡᠨ ᠬᠠᠢ᠌ᠷ᠎ᠠ ᠶᠢᠨ

ᠨᠠᠠᠳᠢᠩᠨᠠᠬᠤ ᠣᠶᠠᠩᠭ᠋᠎ᠠ ᠪᠦᠷᠦᠯᠵᠡᠳᠡᠭ᠌᠂᠂

ᠰᠠᠯᠭᠢᠨ ᠤ ᠰᠡᠪᠠᠯᠵᠡᠭᠡ ᠪᠠᠷ ᠮᠡᠳᠡᠷᠡᠭ᠍ᠳᠡᠨ

ᠳᠠᠯᠪᠢ ᠪᠠᠨ ᠬᠤᠮᠪᠢᠳᠠᠭ ᠴᠡᠴᠡᠭᠡᠰ ᠰᠢᠭ᠌

ᠰᠠᠨᠠᠭᠠᠨ ᠳᠤ ᠦᠭᠡᠶ ᠭᠠᠯ ᠭᠢᠯᠪᠠᠬᠤ

ᠡᠮᠵᠡᠭ᠌ ᠰᠡᠳᠭᠢᠯ ᠤᠨ ᠭᠢᠨᠢ ᠲᠦᠯᠦ ᠵᠢ

ᠰᠠᠪᠠᠭ᠎ᠠ ᠦᠭᠡᠶ ᠶᠠᠪᠣᠭ᠎ᠠ ᠰᠢᠭ ᠠᠳᠠᠯ᠎ᠠ ᠪᠠᠨ

ᠰᠢᠯᠦᠭ᠍ᠴᠢ ᠭᠦᠮᠤᠨ ᠯᠠ ᠮᠡᠳᠡᠷᠡᠳᠡᠭ᠌

ᠰᠠᠷᠠᠨ ᠤ ᠭᠢᠯᠠᠰᠬᠤ ᠨᠢᠯᠪᠣᠰᠤ ᠶᠢ

ᠣᠯᠵᠤ ᠳᠤᠰᠬᠤ ᠰᠢᠭ ᠪᠣᠯᠳᠠᠭ ᠰᠠᠨ᠂

ᠬᠠᠢ᠌ᠷᠠᠯᠠᠮᠠᠷ ᠭᠦᠭᠡᠷᠦᠭᠦᠨ ᠬᠠᠷᠠᠴᠠ ᠶᠢ

ᠬᠠᠷᠠᠵᠤ ᠳᠠᠨᠢᠬᠤ ᠦᠭᠡᠶ ᠶᠤᠮ ᠪᠣᠯ

ᠬᠠᠨᠢ ᠶᠢᠨ ᠶᠢᠠᠨ ᠵᠢᠷᠦᠭᠡᠨ ᠴᠤᠤᠷᠢᠶ᠎ᠠ ᠶᠢ

ᠴᠢᠩᠨᠠᠵᠤ ᠭᠡᠵᠢᠶᠡᠳᠡ ᠰᠤᠨᠤᠰᠬᠤ ᠦᠭᠡᠶ

ᠬᠠᠳᠠ ᠴᠢᠯᠠᠭᠤ ᠰᠢᠭ ᠪᠠᠷᠠᠵᠠᠭᠠᠷ

ᠠᠮᠢᠳᠤᠷᠠᠯ ᠤᠨ ᠪᠠᠷᠭᠡ ᠳᠠᠪᠠᠭ᠎ᠠ ᠪᠠᠷ

ᠬᠠᠭᠠᠨ ᠬᠠᠳᠤᠨ ᠰᠢᠭ ᠬᠤᠶᠠᠭᠤᠯᠠ ᠪᠠᠨ

ᠵᠢᠷᠭᠠᠯᠳᠠᠢ ᠥᠩᠭᠡᠷᠡᠵᠤ ᠪᠣᠯᠳᠠᠭ ᠦᠭᠡᠶ

ᠣᠴᠢᠷᠯᠠᠮᠠᠷ ᠳᠠᠯᠮᠢᠶᠠᠷᠠᠭᠰᠠᠨ ᠨᠢᠳᠤ ᠶᠢ

ᠣᠩᠰᠢᠵᠤ ᠳᠦᠭᠦᠭᠡᠷᠡᠭᠦ ᠦᠭᠡᠶ ᠶᠤᠮ ᠪᠣᠯ

ᠣᠷᠠᠨ ᠰᠢᠯᠦᠭ᠌ ᠤᠨ ᠭᠦᠳᠡᠷ ᠢ

ᠰᠢᠷᠠᠭᠠᠭᠠᠵᠤ ᠳᠤᠩᠭ᠋ᠠᠭᠠᠭᠰᠠᠨ ᠤ ᠭᠡᠷᠡᠭ᠌ ᠦᠭᠡᠶ

ᠣᠴᠠᠷᠠᠬᠤ ᠳᠠᠪᠢᠯᠠᠩ ᠶᠢᠠᠨ ᠲᠤᠬᠢᠶᠠᠯᠠᠵᠤ

ᠰᠠᠯᠵᠤ ᠣᠳᠬᠤ ᠮᠥᠷᠦᠭᠡᠳᠦᠯ ᠤᠨ ᠬᠣᠢ᠌ᠨ᠎ᠠ ᠡᠴᠡ

ᠠᠭᠤᠯᠵᠠᠯ ᠦᠭᠡᠶ ᠵᠤᠪᠠᠭᠠᠨ᠎ᠠ ᠳ᠋ᠠ ᠭᠡᠵᠤ

ᠰᠡᠭᠦᠷᠡᠰᠤ ᠠᠯᠳᠠᠬᠤ ᠶᠢᠨ ᠣᠴᠢᠷ ᠦᠭᠡᠶ

ᠦᠨᠦᠰᠤᠮᠠᠷ ᠭᠤᠨᠢᠭᠯᠠᠭᠤᠨ ᠮᠠᠯᠮᠠᠢ ᠶᠢ

ᠥᠮᠦᠭᠡᠷᠡᠵᠤ ᠠᠷᠭᠠᠳᠠᠵᠤ ᠴᠢᠳᠠᠬᠤ ᠦᠭᠡᠶ ᠪᠣᠯ

ᠦᠵᠡᠷᠠᠮᠠᠷ ᠬᠠᠭᠤᠴᠢᠨ ᠮᠤᠳᠤᠨ ᠳᠤ

ᠴᠡᠴᠡᠭ᠌ ᠠᠮᠢᠯᠠᠭᠤᠯᠵᠤ ᠲ᠋ᠡᠢ᠌ᠯᠭᠦ ᠦᠭᠡᠶ

ᠦᠨᠢᠳᠠ ᠶᠢᠨ ᠪᠣᠯᠵᠤᠭ᠎ᠠ ᠪᠠᠨ ᠳᠠᠯᠪᠢᠵᠤ

ᠣᠭᠢᠯᠠᠵᠤ ᠬᠤᠯᠠᠳᠬᠤ ᠳᠤᠷᠠᠯᠠᠯ ᠤᠨ ᠠᠷᠤ ᠡᠴᠡ

ᠦᠰᠦ ᠪᠠᠨ ᠪᠣᠭᠤᠷᠤᠯᠳᠤᠳᠠᠯ᠎ᠠ ᠵᠤᠪᠠᠨᠢᠭᠰᠠᠨ ᠴᠤ

ᠬᠠᠢ᠌ᠷ᠎ᠠ ᠶᠢ ᠣᠯᠵᠤ ᠳᠡᠭᠡᠵᠢᠯᠡᠭᠦ ᠦᠭᠡᠶ᠂᠂

ᠳᠤᠷᠠᠯᠠᠯ ᠳᠠᠨᠢᠬᠤ ᠦᠭᠡᠶ ᠶᠤᠮ ᠪᠣᠯ

ᠰᠢᠯᠦᠭ᠌ ᠣᠷᠠᠯᠠᠬᠤ ᠭᠡᠷᠡᠭ᠌ ᠥᠭᠡᠢ

ᠳᠠᠭᠤᠤ ᠮᠡᠳᠡᠭᠦ ᠦᠭᠡᠶ ᠶᠤᠮ ᠪᠣᠯ

ᠭᠦᠯᠦᠭ᠌ ᠰᠤᠷᠢᠬᠤ ᠵᠢᠪᠬᠤᠭ᠎ᠠ ᠦᠭᠡᠶ

ᠳᠤᠷᠤᠮᠤᠭᠤᠷ ᠭᠦᠭᠡᠷᠦᠭᠦᠨ ᠨᠢᠳᠤᠳ

ᠥᠭᠡ ᠭᠡᠯᠡᠳᠡᠭ᠌ ᠪᠣᠯᠬᠤᠷ

ᠳᠤᠷᠤᠭᠠᠰᠤ ᠦᠭᠡᠶ ᠠᠯᠢᠶ᠎ᠠ ᠰᠢᠯᠦᠭ᠌ ᠯᠠ

ᠠᠷᠭ᠎ᠠ ᠦᠭᠡᠶ ᠠᠮᠠᠷᠠᠭᠬᠠᠨ ᠣᠶᠠᠩᠭ᠋ᠠᠷᠠᠳᠠᠭ ᠶᠤᠮ᠃

ᠵᠤᠬᠢᠶᠠᠭᠴᠢ᠄ ᠮ·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2891
ᠴᠠᠭ᠄ 2008 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ