☆ ᠳᠤᠷᠤᠨᠠᠴᠡᠴᠡᠭ
ᠵᠡᠮᠳᠡᠭ᠌ ᠳᠤᠷᠠᠯᠠᠯ
ᠳᠤᠷᠮᠤᠭᠤᠷ ᠰᠠᠢ᠌ᠬᠠᠨ ᠭᠡᠦᠭᠡᠡᠴᠦᠳ
ᠳᠤᠭ᠎ᠠ ᠦᠭᠡᠶ ᠣᠯᠠᠨ ᠪᠣᠯᠪᠠᠴᠤ
ᠳᠤᠭᠤᠵᠤ ᠳᠤᠷᠠᠯᠠᠭᠰᠠᠨ ᠨᠢᠭᠡ ᠲᠡᠶ ᠪᠠᠨ
ᠳᠤᠭᠤᠨᠤ ᠪᠣᠰᠬᠠᠨ ᠵᠢᠷᠭᠠᠳᠠᠭ
ᠭᠡᠮᠵᠢᠶ᠎ᠡ ᠲᠡᠶ ᠡᠨᠡᠭᠡᠨ ᠨᠠᠰᠤᠨ ᠳᠠᠭᠠᠨ
ᠭᠡᠨ ᠴᠤ ᠭᠡᠰᠡᠨ ᠳᠠᠢ᠌ᠮᠤ
ᠭᠢᠵᠠᠭᠠᠷ ᠦᠭᠡᠶ ᠦᠨᠡᠠᠴᠢ ᠳᠤᠷᠠᠯᠠᠯ ᠢ ᠨᠢ
ᠭᠡᠮᠵᠢᠵᠤ ᠭᠡᠷᠭᠢᠨ ᠴᠢᠳᠠᠨ᠎ᠠ
ᠵᠠᠷᠢᠮ ᠭᠦᠮᠤᠨ ᠬᠠᠷᠢᠨ
ᠵᠠᠪ ᠲᠤᠬᠢᠶᠠᠯ ᠢ ᠠᠰᠢᠭᠯᠠᠨ
ᠵᠠᠯᠢᠬᠠᠢ ᠮᠡᠭᠡ ᠭᠠᠷᠭᠠᠵᠤ
ᠵᠡᠷᠡᠮᠳᠡᠭ᠌ ᠠᠮᠢᠳᠤᠷᠠᠵᠤ ᠶᠠᠪᠣᠨ᠎ᠠ
ᠥᠩᠭᠡ ᠨᠢ ᠰᠠᠢ᠌ᠬᠠᠨ ᠳᠤ ᠰᠢᠨᠤᠳᠠᠭ
ᠥᠭᠡᠳᠡ ᠦᠭᠡᠶ ᠡᠪᠡᠳᠴᠢᠨ ᠤ ᠭᠠᠢ ᠡᠴᠡ
ᠡᠷᠦᠭᠡ ᠭᠡᠷ ᠶᠢᠡᠨ ᠰᠠᠷᠨᠢᠭᠤᠯᠵᠤ
ᠦᠨᠦᠴᠢᠨ ᠠᠮᠢᠳᠤᠷᠠᠬᠤ ᠨᠢ ᠭᠦᠭᠡᠷᠦᠭᠦᠢ
ᠬᠤᠤᠰ ᠦᠭᠡᠶ ᠵᠢᠷᠤᠮ ᠲᠡᠶ ᠪᠦᠰᠭᠦᠢ ᠪᠠᠨ
ᠬᠤᠩᠭ᠋ᠤᠷ ᠭᠦᠭᠡᠷᠦᠭᠦᠨ ᠦᠷ᠎ᠡ ᠪᠠᠨ
ᠬᠤᠷᠸ᠎ᠠ ᠶᠢᠨ ᠳᠤᠭᠤᠰᠤᠨ ᠳᠤ ᠳᠦᠭᠡᠷᠡᠭᠦᠯᠴᠢᠭᠡᠳ
ᠬᠤᠵᠢᠮ ᠨᠢ ᠬᠠᠷᠢᠨ ᠭᠡᠮᠰᠢᠵᠤ ᠰᠠᠭᠤᠳᠠᠭ
ᠪᠣᠰᠤᠳ ᠪᠦᠰᠭᠦᠢ ᠶᠢᠨ ᠬᠣᠢ᠌ᠨ᠎ᠠ ᠡᠴᠡ
ᠪᠣᠯᠳᠠᠯᠵᠢᠵᠤ ᠪᠠᠢ᠌ᠭ᠎ᠠ ᠰᠡᠳᠬᠢᠯ ᠶᠢᠡᠨ
ᠪᠣᠭᠤᠵᠤ ᠪᠣᠯᠳᠠᠭ ᠪᠣᠯ ᠳᠠᠷᠤᠨ᠎ᠠ ᠦᠦ ︖
ᠪᠣᠯᠳᠠᠭᠤᠯᠵᠤ ᠪᠣᠯᠳᠠᠭ ᠪᠣᠯ ᠨᠢᠭᠤᠨ᠎ᠠ ᠦᠦ ︖
ᠲ᠋ᠤᠷ᠎ᠠ ᠶᠢ ᠨᠢ ᠪᠣᠯᠢᠶᠠᠭᠰᠠᠨ ᠬᠡᠦᠭᠡᠨ ᠤ ᠬᠣᠢ᠌ᠨ᠎ᠠ ᠡᠴᠡ
ᠳᠤᠷᠠᠯᠠᠯ ᠶᠢᠡᠨ ᠶᠠᠭᠠᠭᠢᠵᠤ ᠢᠯᠡᠳᠭᠡᠭᠦ ᠪᠣᠢ ᠭᠡᠵᠤ
ᠳᠤᠭᠤᠢ ᠰᠠᠭᠤᠨ ᠪᠣᠳᠤᠯᠭᠠᠰᠢᠷᠠᠵᠤ ᠪᠠᠢ᠌ᠭ᠎ᠠ
ᠳᠤᠮᠳᠠᠭᠤᠷ ᠰᠡᠳᠬᠢᠯ ᠲᠡᠶ ᠨᠠᠢ᠌ᠵᠠ ᠮᠢᠨᠢ
ᠠᠯᠤᠰ ᠭᠢᠵᠠᠭᠠᠷ ᠨᠢ ᠬᠠᠷᠠᠭᠳᠠᠬᠤ ᠦᠭᠡᠶ
ᠠᠮᠢᠳᠤᠷᠠᠯ ᠤᠨ ᠦᠷᠭᠡᠨ ᠵᠠᠮ ᠳᠡᠭᠡᠷ᠎ᠡ
ᠠᠭᠰᠤᠮ ᠭᠦᠯᠦᠭ᠌ ᠰᠢᠭ᠌ ᠵᠢᠯᠤᠭᠤ ᠦᠭᠡᠶ ᠳᠠᠪᠭᠢᠬᠤ ᠳᠠᠭᠠᠨ
ᠠᠰ ᠡᠮᠦᠨ᠎ᠡ ᠴᠢᠨᠢ ᠪᠠᠰᠠ
ᠠᠶᠤᠯ ᠪᠠᠷᠳᠠᠭ᠎ᠠ ᠳᠤᠯᠭᠠᠷᠠᠵᠤ ᠮᠡᠳᠡᠭᠦ ᠶᠤᠮ
ᠠᠮᠠᠭᠠᠢ ᠪᠠᠨ ᠳᠡᠳᠡᠰᠬᠢᠭᠠᠳ
ᠠᠭᠠᠵᠢᠭᠤᠬᠠᠨ ᠳᠠᠪᠭᠢᠭᠠᠷᠠᠢ ᠠᠠᠳᠠ ᠮᠢᠨᠢ ︕
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ ᠤ ᠦᠯᠵᠠᠢ᠌ᠳᠤᠠ᠋ᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ
ᠵᠤᠬᠢᠶᠠᠭᠴᠢ᠄ ᠳᠤᠷᠤᠨᠠᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ