ᠨᠡᠪᠲᠡᠷᠡᠨ ᠤᠷᠤᠬᠤ
ᠬᠠᠷᠠᠮᠵᠢ ᠦᠭᠡᠶ ᠰᠡᠳᠭᠢᠯ

ᠠᠭᠤᠯᠠ ᠣᠰᠤᠨ ᠤ ᠬᠤᠯᠠ ᠵᠢ

ᠠᠭᠤᠰᠭᠢ ᠵᠢᠷᠦᠭᠡᠨ ᠳᠤ ᠪᠠᠨ ᠳᠤᠪᠴᠢᠯᠠᠵᠤ

ᠠᠮᠢᠳᠤ ᠳᠤ ᠪᠠᠨ ᠨᠢᠭᠡ ᠶᠢ ᠪᠠᠨ ᠬᠠᠢ᠌ᠷᠠᠯᠠᠨ᠎ᠠ ᠭᠡᠵᠤ

ᠠᠵᠠ ᠶᠢᠨ ᠳᠡᠭ᠍ᠷᠢ ᠳᠤ ᠪᠠᠨ ᠳᠠᠭᠠᠳᠬᠠᠯ᠎ᠠ ᠶᠤᠮ

ᠴᠢᠮ᠎ᠠ ᠡᠴᠠ ᠪᠢ ᠶᠠᠭᠤ ᠨᠢᠭᠡ ᠶᠢ ᠭᠦᠰᠡᠭᠡ ᠥᠭᠡᠢ

ᠴᠠᠭ ᠣᠷᠤᠰᠬᠠᠯ ᠤᠨ ᠠᠶᠠᠨ ᠳ᠋ᠤ

ᠰᠢᠯᠦᠭ᠌ ᠢ ᠴᠢᠨᠢ ᠭᠦᠨᠡᠰᠦᠳᠡᠨ ᠴᠠᠳᠳᠠᠭ ᠶᠤᠮ

ᠴᠢᠭᠡᠴᠢ ᠮᠤᠩᠭ᠋ᠤᠯ ᠰᠡᠳᠭᠢᠯ ᠵᠢᠠᠷ

ᠴᠢᠠᠳᠠᠰᠤ ᠶᠢ ᠴᠢᠨᠢ ᠡᠷᠭᠦᠨ ᠪᠣᠰᠬᠠᠶ᠎ᠠ ᠭᠡᠯ᠎ᠡ

ᠮᠢᠩᠭ᠋ᠠᠨ ᠭᠠᠵᠠᠷ ᠤᠨ ᠥᠵᠦᠭᠦᠷ ᠡᠴᠠ

ᠵᠢᠷᠦᠭᠡ ᠲᠡᠶ ᠪᠠᠨ ᠴᠤᠭᠢᠯᠵᠤ ᠭᠦᠷᠦᠯ᠎ᠡ ᠴᠤ

ᠴᠡᠮᠴᠡᠭᠡᠷ ᠦᠬᠢᠨ ᠣᠷᠤᠭᠤᠯ ᠢ ᠴᠢᠨᠢ

ᠭᠦᠡᠳᠡᠭᠡᠭᠦ ᠡᠴᠠ ᠪᠠᠨ ᠬᠠᠷᠠᠮᠨᠠᠵᠤ ᠰᠠᠭᠤᠭᠰᠠᠨ ᠶᠤᠮ

ᠡᠭᠡ ᠪᠠᠢ᠌ᠭᠠᠯᠢ ᠶᠢᠨ ᠴᠡᠴᠡᠭ᠌ ᠢ

ᠳᠠᠰᠤᠯᠵᠤ ᠪᠣᠤ ᠬᠠᠢ᠌ᠷᠠᠯᠠ ᠭᠡᠵᠤ

ᠣᠯᠳᠤᠢ ᠡᠨᠡ ᠪᠠᠶ᠎ᠠ ᠳᠤ ᠪᠠᠨ

ᠬᠠᠳᠠᠭᠤ ᠵᠠᠭᠢᠶ᠎ᠠ ᠳᠤᠰᠢᠶᠠᠭᠰᠠᠨ ᠶᠤᠮ

ᠴᠡᠩᠭᠡᠷ ᠠᠭᠠᠷ ᠤᠨ ᠠᠮᠢᠰᠬᠤᠯ ᠵᠢᠠᠷ

ᠣᠯᠠᠷᠢᠯ ᠶᠢᠡᠨ ᠭᠦᠷᠭᠡᠵᠤ ᠣᠴᠢᠶ᠎ᠠ

ᠴᠢᠭ᠌ ᠳᠦᠭ᠍ᠵᠢᠭ᠍ᠰᠡᠨ ᠬᠠᠭᠠᠯᠭᠠᠨ ᠤ ᠴᠢᠨᠢ ᠭᠠᠳᠠᠨ᠎ᠠ

ᠵᠢᠷᠭᠠᠯ ᠢ ᠴᠢᠨᠢ ᠵᠥᠩᠨᠡᠭᠡᠳ ᠪᠣᠴᠠᠬᠤ ᠯᠠ ᠶᠤᠮ ᠁



ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2646
ᠴᠠᠭ᠄ 2011 ᠤᠨ ᠤ 07 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ