ᠨᠡᠪᠲᠡᠷᠡᠨ ᠤᠷᠤᠬᠤ
ᠪᠣᠷᠬᠠᠨ ᠵᠠᠶ‍ᠠᠭᠠᠭᠰᠠᠨ ᠠᠪᠣ

ᠴᠠᠭ ᠤᠨ ᠭᠦᠷᠳᠤ ᠵᠢᠨ ᠡᠷᠬᠢᠯᠳᠡ᠂ ᠨᠡᠢ᠌ᠬᠡᠮ ᠠᠬᠤᠢ ᠵᠢᠨ ᠤᠷᠤᠰᠢᠯᠳᠡ ᠬᠤᠪᠢᠷᠡᠯᠳᠡ ᠵᠢᠨ ᠵᠢᠮ᠎ᠡ ᠳᠤ ᠳᠥᠮᠡᠨ ᠪᠤᠳᠡᠰ ᠤᠯᠡᠷᠢᠨ ᠬᠤᠪᠢᠷᠡᠵᠤ ᠯᠡ ᠪᠤᠢ᠃ ᠮᠡᠷᠳᠡᠬᠰᠡᠨ᠂ ᠮᠠᠷᠳᠠᠭᠳᠠᠬᠤ ᠥᠬᠡᠢ ᠵᠥᠢᠯᠡᠰ ᠳᠡᠤᠬᠡ ᠪᠤᠯᠤᠨ ᠬᠤᠴᠤᠷᠤᠨ᠎ᠡ᠃ ᠡ᠊ᠡᠳᠡ ᠪᠢ ᠨᠠᠢ᠌ᠵᠠ ᠶᠢᠨ ᠶᠢᠡᠨ ᠠᠪᠣ ᠶᠢᠨ ᠭᠢᠨᠢ ᠳᠤᠬᠠᠢ ᠳᠤᠷᠠᠰᠤᠯ ᠪᠢᠴᠢᠨ ᠰᠠᠭᠤᠬᠤ ᠳᠤ ᠰᠠᠤᠠᠭᠢᠯ ᠮᠢᠨᠢ ᠭᠦᠡᠳᠤ ᠡᠴᠡ ᠭᠦᠡᠳᠤ ᠰᠠᠨᠠᠭᠳᠠᠬᠤ ᠶᠢ ᠶᠠᠭᠠᠭᠢᠨᠠᠮ︕

ᠦᠪᠣᠷ ᠮᠤᠩᠭ᠋ᠤᠯ ᠤᠨ ᠦᠨᠳᠦᠰᠦᠳᠠᠨ ᠤ ᠪᠠᠭᠰᠢ ᠶᠢᠨ ᠰᠤᠷᠭᠠᠭᠤᠯᠢ ᠶᠢᠨ ᠠᠩᠭᠢ ᠨᠢᠭᠡᠳᠡᠢ ᠨᠠᠢ᠌ᠵᠠ ᠮᠢᠨᠢ ᠶᠡᠷᠤᠨᠢ ᠠᠪᠣ ᠶᠢᠨ ᠶᠢᠡᠨ ᠳᠤᠬᠠᠢ ᠨᠠᠳᠠ ᠳᠤ ᠨᠢᠬᠡ ᠤᠯᠡᠨ ᠶᠠᠷᠢᠳᠠᠭ ᠪᠠᠢ᠌ᠭᠰᠠᠨ ᠶᠤᠮ᠃《ᠠᠭᠤᠷᠳᠠᠢ᠂ ᠡᠵᠢ ᠳᠤ ᠠᠭᠠᠰᠢ ᠭᠠᠷᠭᠠᠳᠠᠭ》ᠭᠡᠵᠤ《ᠪᠦᠳᠦᠯ ᠦᠭᠡᠶ》 ᠠᠪᠣ ᠶᠢᠨ ᠭᠢᠨᠢ ᠳᠤᠬᠠᠢ ᠪᠢᠳᠠ ᠬᠤᠶᠠᠷ ᠳ᠋ᠦ᠋ᠩᠨᠠᠵᠤ ᠰᠠᠭᠤᠳᠠᠭ ᠪᠠᠢ᠌ᠭᠰᠠᠨ ᠶᠤᠮ᠃ ᠡᠭᠡᠴᠢ ᠶᠢ ᠨᠢ ᠭᠢᠳᠠᠤᠨ ᠭᠦᠷᠭᠡᠨ ᠳᠤ ᠮᠤᠷᠳᠠᠭᠤᠯᠬᠤ ᠦᠭᠡᠶ ᠭᠡᠰᠡᠨ᠂ ᠬᠠᠩᠰᠢᠨ ᠤ ᠡᠳᠦᠷ ᠡᠪᠦᠭᠡ ᠶᠢᠨ ᠶᠢᠡᠨ ᠣᠩᠭ᠋ᠤᠨ ᠳᠤ ᠰᠢᠷᠤᠢ ᠨᠡᠮᠡᠭᠦ ᠪᠠᠷ ᠬᠠᠷᠢᠭᠰᠠᠨ ᠦᠭᠡᠶ ᠭᠡᠵᠤ ᠨᠠᠢ᠌ᠵᠠ ᠶᠢ ᠮᠢᠨᠢ ᠵᠢᠮᠡᠯᠡᠭ᠍ᠰᠡᠨ ᠭᠡᠭᠦ ᠵᠤᠭᠤᠭ ᠢ ᠳᠤᠬᠠᠢ ᠶᠢᠨ ᠦᠶ᠎ᠡ ᠳᠤ ᠰᠤᠨᠤᠰᠤᠭᠠᠤᠨ ᠨᠠᠢ᠌ᠵᠠ ᠶᠢᠨ ᠠᠪᠣ ᠶᠢ ᠨᠢ《ᠹᠧᠤᠳᠠᠯᠴᠢ᠂ ᠥᠭᠦᠮᠡᠯ ᠦᠵᠡᠯᠳᠠ ᠲᠡᠶ᠂ ᠮᠤᠵᠢᠭᠤᠳᠠ 》 ᠭᠡᠵᠤ ᠪᠣᠷᠤᠭᠠᠤᠠᠬᠠᠵᠤ ᠶᠠᠪᠣᠯ᠎ᠠ᠃ ᠠᠷᠪᠠᠭᠠᠤᠨ ᠵᠢᠯ ᠤᠨ ᠬᠣᠢ᠌ᠨ᠎ᠠ ᠣᠳᠤ ᠡᠷᠭᠢᠴᠡᠭᠦᠯᠤᠨ ᠪᠣᠳᠤᠬᠤ ᠳᠤ ᠨᠠᠢ᠌ᠵᠠ ᠶᠢᠨ ᠮᠢᠨᠢ ᠠᠪᠣ ᠶᠢᠨ ᠭᠢᠨᠢ ᠠᠭᠤᠷᠯᠠᠵᠤ ᠵᠢᠮᠡᠯᠡᠭ᠍ᠰᠡᠨ ᠨᠢ ᠶᠤᠰᠤᠳᠠᠢ ᠰᠢᠭ ᠰᠠᠨᠠᠭᠳᠠᠬᠤ ᠨᠢ ᠠᠮᠢᠳᠤᠷᠠᠯ ᠳᠤᠮᠳᠠ ᠣᠬᠠᠭᠠᠵᠢᠵᠤ ᠳᠤᠮᠤᠭᠠᠵᠢᠵᠤ ᠶᠠᠪᠣᠭ᠎ᠠ ᠶᠢ ᠮᠢᠨᠢ ᠬᠠᠷᠠᠭᠤᠯᠤᠭᠰᠠᠨ ᠴᠤ ᠶᠤᠮ ᠦᠦ ᠳ᠋ᠠ ︕

ᠣᠳᠠᠭᠠᠨ ᠵᠢᠯ ᠬᠠᠷᠢᠯᠴᠠᠭ᠎ᠠ ᠦᠭᠡᠶ ᠨᠠᠢ᠌ᠵᠠ ᠲᠡᠶ ᠪᠠᠨ ᠬᠠᠷᠢᠯᠴᠠᠵᠤ᠂《ᠪᠦᠳᠦᠯ ᠦᠭᠡᠶ》 ᠠᠪᠣ ᠶᠢᠨ ᠭᠢᠨᠢ ᠳᠤᠬᠠᠢ ᠳᠤᠷᠠᠰᠤᠨ ᠰᠠᠨᠠᠵᠤ᠂ ᠠᠮᠤᠷ ᠮᠠᠠᠳᠤ ᠶᠢ ᠨᠢ ᠠᠰᠠᠭᠤᠬᠤ ᠳᠤ ᠨᠠᠰᠤ ᠪᠠᠷᠠᠭᠠᠤᠨ ᠵᠢᠷᠭᠤᠭᠠᠨ ᠵᠢᠯ ᠪᠣᠯᠴᠢᠬᠠᠯ᠎ᠠ ᠭᠡᠭᠦ ᠶᠤᠮ᠃ ᠣᠴᠢᠷ ᠰᠢᠯᠳᠠᠭᠠᠨ ᠢ ᠨᠢ ᠯᠠᠪᠯᠠᠪᠠᠯ《ᠨᠠᠮᠠ‍ᠶ᠋‍ᠢ᠌ ᠶᠠᠫᠣᠨ ᠳᠤ ᠶᠠᠪᠣᠭᠤᠯᠬᠤ ᠭᠡᠵᠤ ᠵᠤᠭᠤᠰ ᠴᠤᠭᠯᠠᠭᠤᠯᠵᠤ ᠶᠠᠪᠣᠬᠤ ᠵᠠᠮ ᠵᠠᠭᠤᠷ᠎ᠠ ᠳᠡᠷᠭᠡᠨ ᠡ᠊ᠡᠳᠡᠯ ᠭᠠᠷᠤᠭᠠᠤᠨ ᠁ 》 ᠭᠡᠭᠦ ᠶᠤᠮ᠃ ᠳᠡᠷᠡ ᠊ᠭ᠍ᠱᠡᠨ᠎ᠡ᠂ ᠶᠠᠭᠤ ᠭᠡᠯᠡᠭᠦ ᠪᠠᠨ ᠣᠯᠵᠤ ᠶᠠᠳᠠᠨ ᠨᠢᠬᠡ ᠵᠡᠷᠬᠡ ᠳᠦᠭ᠍ᠳᠡᠷᠡᠴᠢᠭᠡᠯ᠎ᠡ᠃ ᠴᠡᠯᠮᠡᠭᠬᠡᠨ ᠡᠳᠦᠷ ᠠᠶᠤᠩᠭ᠋᠎ᠠ ᠳᠤᠤᠭᠠᠷᠤᠭᠰᠠᠨ ᠰᠢᠭ ᠪᠣᠯᠵᠤ ᠦᠯᠦ ᠳᠠᠨᠢᠬᠤ ᠮᠤᠩᠭ᠋ᠤᠯ ᠠᠪᠣ ᠶᠢᠨ ᠳᠦᠯᠦᠭᠡ ᠦᠪᠡᠷ ᠤᠨ ᠡᠷᠭᠡ ᠦᠭᠡᠶ ᠨᠢᠯᠪᠣᠰᠤ ᠣᠨᠠᠭᠠᠭᠰᠠᠨ ᠰᠠᠨ᠃ ᠪᠣᠷᠬᠠᠨ ᠰᠢᠭ ᠰᠠᠢ᠌ᠬᠠᠨ ᠰᠠᠤᠠᠭᠢᠯ ᠲᠡᠶ ᠳᠠᠷᠠ ᠨᠠᠰᠤᠳᠠᠨ ᠢ ᠥᠷᠦᠪᠳᠦᠭᠦ᠂ ᠪᠢᠰᠢᠷᠡᠭᠦ ᠰᠤᠨᠭᠢᠯᠭᠡ ᠳᠠᠩᠴᠤ ᠬᠤᠵᠢᠭᠤ ᠳᠦᠷᠦᠭ᠍ᠳᠡᠵᠤ ᠳ᠋ᠡ᠃

ᠬᠠᠢ᠌ᠷ᠎ᠠ ᠬᠠᠢ᠌ᠷ᠎ᠠ ᠪᠠᠨ ᠳᠠᠭᠠᠵᠤ ᠭᠦᠮᠤᠨ ᠠᠮᠢᠳᠤᠷᠠᠳᠠᠭ ᠪᠣᠯ ᠬᠠᠢ᠌ᠷ᠎ᠠ ᠶᠢᠨ ᠳᠤᠮᠳᠠ ᠬᠠᠢ᠌ᠷ᠎ᠠ ᠶᠢ ᠣᠢ᠌ᠯᠠᠭᠠᠭ᠎ᠠ ᠦᠭᠡᠶ ᠶᠠᠪᠣᠭᠰᠠᠨ ᠨᠠᠢ᠌ᠵᠠ ᠪᠠᠨ ᠪᠢ ᠪᠣᠷᠤᠭᠤᠰᠢᠶᠠᠨ ᠵᠢᠮᠠᠯᠠᠯ᠎ᠠ᠃ ᠭᠡᠪᠠᠴᠤ᠂ ᠶᠠᠭᠠᠭᠢᠬᠤᠪ ᠳ᠋ᠠ ︕ᠬᠠᠯᠠᠳᠠᠢ ᠬᠠᠷᠠᠳᠠᠢ ᠴᠤ ᠠᠭᠤᠯᠠ ᠰᠢᠭ ᠳᠦᠰᠢᠭ᠌ ᠰᠠᠢ᠌ᠬᠠᠨ ᠠᠪᠣ ᠪᠠᠨ ᠠᠯᠳᠠᠭᠰᠠᠨ ᠨᠠᠢ᠌ᠵᠠ ᠮᠢᠨᠢ ᠳᠤᠬᠠᠢ ᠶᠢᠨ ᠦᠶ᠎ᠡ ᠳᠤ ᠡ᠊ᠩᠰᠡᠷᠡᠳᠡᠯ᠎ᠡ ᠵᠤᠪᠠᠵᠤ ᠣᠭᠢᠯᠠᠵᠤ ᠶᠠᠪᠣᠭᠰᠠᠨ ᠪᠠᠢ᠌ᠭ᠎ᠡ ᠁ ᠰᠠᠨᠠᠭ᠎ᠠ ᠪᠠᠷ ᠪᠣᠯᠳᠠᠭ ᠦᠭᠡᠶ ᠣᠷᠴᠢᠯᠠᠩ ᠤᠨ ᠵᠢᠮ᠎ᠠ ᠬᠣᠢ᠌ᠨ᠎ᠠ ᠁

ᠬᠠᠯᠠᠳᠠᠢ ᠬᠠᠢ᠌ᠷ᠎ᠠ ᠪᠠᠷ ᠶᠢᠡᠨ ᠳᠦᠷᠪᠡᠨ ᠭᠡᠦᠭᠡᠤᠨ ᠶᠢᠡᠨ ᠳᠡᠵᠢᠭᠡᠵᠤ ᠥᠰᠭᠡᠭ᠍ᠰᠡᠨ ᠳᠡᠭ᠍ᠷᠢ ᠰᠢᠭ᠌ ᠠᠤᠭ᠎ᠠ 《ᠠᠪᠣ》 ᠶᠢᠨ ᠴᠢᠠᠳᠠᠷ ᠤᠨ ᠡᠮᠦᠨ᠎ᠡ ᠨᠠᠮᠠᠠᠴᠢᠯᠠᠬᠤ ᠠᠵᠠ ᠳᠠᠩᠴᠤ ᠦᠭᠡᠶ ᠴᠤ ᠬᠤᠯᠠ ᠶᠢᠨ ᠳᠠᠷᠠ ᠬᠠᠯᠢᠭᠰᠠᠨ ᠣᠳᠤᠨ ᠤ ᠬᠣᠢ᠌ᠨ᠎ᠠ ᠡᠴᠡ ᠰᠠᠤᠠᠭᠢᠯ ᠳᠡᠭᠡᠨ ᠭᠦᠨ ᠨᠠᠮᠠᠠᠴᠢᠯᠠᠯ᠎ᠠ᠃

ᠠᠮᠤᠷᠯᠢᠩᠭ᠋ᠤᠢ ᠨᠣᠢ᠌ᠷᠰᠤᠭᠠᠷᠠᠢ ︕ ᠪᠣᠷᠬᠠᠨ ᠰᠢᠭ ᠰᠠᠢ᠌ᠬᠠᠨ ᠪᠣᠭᠤᠷᠤᠯ ᠨᠠᠰᠤᠳᠠᠨ ᠮᠢᠨᠢ ︕ ᠬᠤᠯᠠ ᠶᠢᠨ ᠳᠡᠷᠭᠡᠯ ᠨᠤᠳᠤᠬ ᠳᠡᠭᠠᠨ ᠳᠠᠢ᠌ᠪᠣᠩ ᠨᠣᠢ᠌ᠷᠰᠤᠭᠠᠷᠠᠢ ︕


ᠵᠤᠬᠢᠶᠠᠭᠴᠢ᠄ ᠪ᠊ · ᠤᠶᠤᠨᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6167
ᠴᠠᠭ᠄ 2009 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ