☆ ᠰ·ᠮᠥᠩᠭᠡᠨᠡᠷᠡᠰᠤ
ᠵᠢᠷᠦᠭᠡᠨ ᠤ ᠳᠦᠷᠭᠦ ᠲᠡᠶ ᠵᠠᠪᠢ
ᠰᠡᠭᠦᠷᠡᠰᠤ ᠠᠯᠳᠠᠮᠠᠷ ᠡᠨᠡ ᠣᠷᠳᠤᠬᠠᠨ ᠭᠤᠨᠢᠭ
ᠴᠢᠨᠤ ᠳᠠᠠᠳᠠ ᠡᠴᠠ ᠯᠠ ᠢᠷᠠᠵᠤ ᠳᠠᠭᠠᠷᠠᠯ᠎ᠠ
ᠰᠢᠭᠦᠷ ᠦᠭᠡᠶ ᠪᠠᠷ ᠪᠣᠷᠤᠭᠠᠨ ᠳᠤᠮᠳᠠᠭᠤᠷ ᠠᠯᠬᠤᠯᠠᠵᠤ ᠪᠢ
ᠳᠡᠷᠳᠡᠭᠡ ᠬᠤᠯᠡᠭᠢ ᠳᠠᠯᠠᠢ ᠶᠢᠨ ᠠᠮᠢᠰᠬᠤᠯ ᠢ ᠵᠠᠯᠭᠢᠯᠠᠨᠠ
ᠭᠠᠰᠢᠭᠤᠨ ᠺᠤᠹᠧ ᠲᠡᠶ ᠴᠤᠮᠤᠨ ᠳᠤ ᠪᠣᠷᠤᠭᠠᠨ ᠤ ᠳᠤᠰᠤᠯ ᠳᠠᠯᠳᠠᠷᠠᠨ ᠳᠠᠯᠳᠠᠷᠠᠳᠠᠯᠠ ᠪᠠᠨ ᠣᠭᠢᠯᠠᠩᠨᠠᠨᠠ
ᠬᠠᠮᠢᠭ᠎ᠠ ᠨᠢᠭᠡᠨᠲᠡᠢ ᠡᠴᠠ ᠮᠢᠨᠤ ᠨᠠᠷᠠ ᠪᠠᠷ ᠭᠡᠨ ᠨᠢᠭᠡᠨ ᠬᠠᠰᠭᠢᠷᠬᠤ ᠰᠢᠭ ᠪᠣᠯᠤᠭᠠᠤᠨ ᠵᠠᠮᠬᠠᠷᠠᠨ᠎ᠠ
ᠴᠢᠭᠢ ᠬᠠᠯᠠᠭᠤ ᠣᠷᠭᠢᠨᠡ
ᠴᠢ ᠨᠠᠮ᠎ᠠ ᠶᠢ ᠳᠤᠷᠠᠰᠤᠭᠠ ᠪᠣᠯ ᠦᠦ
ᠮᠢᠨᠤ ᠢᠯᠡᠭᠡᠭ᠍ᠰᠡ ᠰᠤᠪᠢᠩ ᠴᠢᠮ᠎ᠠ ᠳᠡᠭᠡᠷ᠎ᠡ ᠭᠦᠷᠦᠭ᠍ᠰᠡᠨ ᠪᠣᠯ ᠤᠤ
ᠶᠠᠭᠠᠨ ᠰᠠᠷᠭᠠᠢ ᠶᠢᠨ ᠳᠠᠯᠪᠢ ᠪᠠᠷ ᠨᠤᠭᠤᠯᠤᠭᠰᠠᠨ ᠵᠢᠷᠦᠭᠡᠨ ᠤ ᠳᠦᠷᠭᠦ ᠲᠡᠶ ᠵᠠᠪᠢ
ᠣᠷᠤᠰᠬᠠᠯ ᠳᠠᠮᠵᠢᠭᠰᠠᠭᠠᠷ ᠦᠵᠡᠳᠠᠯ᠎ᠠ ᠨᠠᠳᠠ ᠣᠷᠤᠭᠤ ᠴᠢᠭᠯᠡᠨ ᠭᠦᠪᠪᠦᠭ᠍ᠰᠡᠭᠡᠷ ᠁
ᠪᠢ ᠭᠠᠷ ᠰᠤᠩᠭ᠋ᠠᠬᠤ ᠶᠢ ᠵᠠᠪᠳᠤᠪᠠ
ᠳᠠᠯᠠᠢ ᠶᠢᠨ ᠳᠠᠷᠠ ᠲᠦᠯᠭᠢᠭᠡᠨ ᠨᠠᠳᠠ ᠡᠴᠠ ᠵᠠᠪᠳᠤᠪᠠ ᠁
2011.6.30
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ