ᠨᠡᠪᠲᠡᠷᠡᠨ ᠤᠷᠤᠬᠤ
ᠵᠠᠷᠤᠳ ᠮᠤᠩᠭ᠋ᠤᠯᠴᠤᠳ 《ᠬᠤᠷᠢᠨ ᠲᠠᠪᠤᠨ ᠬᠦᠭᠡᠭᠡᠭᠦ》 ᠵᠡᠡᠭᠰᠢᠯ

ᠣᠷᠳᠤ ᠬᠤᠭᠤᠴᠠᠭᠠᠨ ᠤ ᠣᠢ᠌ᠯᠠᠤᠠᠪᠣᠷᠢᠯᠠᠯ ᠭᠦᠳᠡᠯᠮᠦᠷᠢ ᠶᠢᠨ ᠶ‍ᠠᠪᠣᠴᠠ ᠳᠤᠮᠳᠠ ᠨᠤᠳᠤᠭ ᠨᠤᠳᠤᠭ ᠲᠤ ᠪᠦᠷ ᠦᠪᠡᠷᠮᠢᠴᠡ ᠣᠠᠴᠠᠯᠢᠭ ᠪᠦᠭᠦᠢ ᠵᠠᠩ ᠵᠠᠩᠰᠢᠯ ᠪᠣᠢ ᠪᠣᠯᠵᠤ ᠪᠦᠷᠢᠯᠳᠦᠭᠡᠤᠨ ᠦᠶ᠎ᠡ ᠶᠢᠨ ᠦᠶ᠎ᠡ ᠣᠯᠠᠮᠵᠢᠯᠠᠠᠠᠳᠠᠵᠤ ᠪᠠᠢ᠌ᠳᠠᠭ᠃ ᠢᠢᠮᠤ ᠡᠴᠡ ᠨᠤᠳᠤᠭ ᠣᠰᠤᠨ ᠤ ᠪᠠᠨ ᠵᠠᠩ ᠵᠠᠩᠰᠢᠯ ᠢ ᠰᠤᠳᠤᠯᠵᠤ ᠰᠢᠠᠵᠢᠯᠠᠵᠤ᠂ ᠳᠡᠭᠦᠨ ᠤ ᠡᠴᠢᠨ᠎ᠡ ᠳᠠᠯᠳᠠ ᠰᠤᠶᠤᠯ ᠤᠨ ᠥᠷᠳᠡᠭ᠌ ᠢ ᠡᠷᠢᠯᠭᠢᠯᠡᠭᠦ ᠨᠢ ᠳᠣᠢ᠌ᠯ ᠤᠨ ᠴᠢᠬᠤᠯᠠ ᠶ‍ᠤᠮ᠃ ᠳᠤᠤᠷ᠎ᠠ ᠪᠢᠳᠠ ᠵᠠᠷᠤᠳ ᠮᠤᠩᠭ᠋ᠤᠯᠴᠤᠳ ᠤᠨ ᠳᠤᠮᠳᠠ ᠣᠷᠳᠤ ᠬᠤᠭᠤᠴᠠᠭ᠎ᠠ ᠣᠯᠠᠮᠵᠢᠯᠠᠠᠠᠳᠠᠵᠤ ᠢᠷᠡᠭ᠍ᠰᠡᠨ《ᠬᠤᠷᠢᠨ ᠳᠠᠪᠤᠨ ᠭᠦᠭᠡᠭᠡᠭᠦ 》ᠵᠠᠩᠰᠢᠯ ᠤᠨ ᠳᠤᠬᠠᠢ ᠦᠵᠡᠯᠳᠠ ᠪᠠᠨ ᠥᠭᠦᠯᠡᠶ᠎ᠡ︕

ᠨᠢᠭᠡ᠂ 《ᠬᠤᠷᠢᠨ ᠳᠠᠪᠤᠨ》 ᠎᠊ᠤ ᠣᠴᠢᠷ

ᠪᠢᠯᠢᠭ᠌ ᠤᠨ ᠣᠯᠠᠷᠢᠯ ᠤᠨ 10 ᠰᠠᠷ᠎ᠠ ᠶᠢᠨ 25 ᠊ᠢ ᠵᠠᠷᠤᠳ ᠨᠤᠳᠤᠭ ᠲᠤ ᠰᠢᠷ᠎ᠠ ᠶᠢᠨ ᠱᠠᠰᠢᠨ ᠢ ᠡᠭᠦᠳᠦᠭ᠍ᠴᠢ ᠽᠦᠡᠭ᠍ᠺᠠᠸ᠎ᠠ ᠪᠣᠷᠬᠠᠨ ᠤ ᠮᠡᠡᠳᠦᠯᠡᠭ᠍ᠰᠡᠨ ᠡᠳᠤᠷ (ᠰᠢᠠᠵᠢᠶ‍ᠠᠩ ᠭᠦᠭᠡᠨᠡᠭᠤᠷ ᠵᠡᠷᠭᠡ ᠨᠤᠳᠤᠭ ᠲᠤ ᠳᠠᠭᠠᠯᠠᠯ ᠪᠣᠯᠤᠠᠠᠰᠠᠨ ᠡᠳᠤᠷ ᠭᠡᠵᠤ᠂ ᠵᠢᠷᠢᠮ ᠤᠨ ᠵᠠᠷᠢᠮ ᠨᠤᠳᠤᠭ ᠶᠢᠡᠷ ᠮᠡᠡᠳᠦᠯᠡᠭ᠍ᠰᠡᠨ ᠡᠳᠤᠷ ᠮᠥᠷᠳᠡᠭᠡᠨ ᠳᠠᠭᠠᠯᠠᠯ ᠪᠣᠯᠤᠠᠠᠰᠠᠨ ᠡᠳᠤᠷ ᠭᠡᠳᠡᠭ᠌ ) ᠭᠡᠵᠤ ᠵᠢᠯ ᠪᠦᠷᠢ ᠳᠤᠷᠠᠰᠬᠠᠨ᠂ ᠪᠢᠰᠢᠷᠠᠵᠤ ᠭᠦᠡᠳᠦᠦᠡᠭᠡᠭ᠍ᠰᠡᠨ ᠰᠡᠦᠡᠭᠢᠯᠭᠡ ᠪᠠᠨ ᠢᠯᠡᠦᠡᠭᠡᠳᠡᠭ᠌ ᠵᠠᠩᠰᠢᠯ ᠲᠡᠶ ᠠᠵᠢ᠃ ᠽᠦᠡᠭ᠍ᠺᠠᠸ᠎ᠠ ᠪᠣᠷᠬᠠᠨ ᠢ ᠢᠢᠨᠭᠦ ᠭᠦᠡᠳᠦᠦᠡᠭᠡᠳᠡᠭ᠌ ᠤᠨ ᠰᠢᠯᠳᠠᠭᠠᠨ ᠨᠢ ᠳᠡᠭᠦᠨ ᠤ ᠳᠤᠬᠠᠢ ᠵᠠᠷᠤᠳ ᠨᠤᠳᠤᠭ ᠶᠢᠡᠷ ᠥᠷᠭᠡᠨ ᠶ‍ᠠᠷᠢᠭᠳᠠᠳᠠᠭ ᠨᠢᠭᠡᠨ ᠳᠤᠮᠤᠭ ᠡᠴᠡ ᠥᠡᠳᠦᠰᠦᠯᠡᠭ᠍ᠰᠡᠨ ᠪᠠᠢ᠌ᠵᠤ ᠮᠠᠳᠠᠨ᠎ᠡ᠃ ᠳᠤᠬᠠᠢ᠌ᠯᠠᠪᠠᠯ ᠂ ᠽᠦᠡᠭ᠍ᠺᠠᠸ᠎ᠠ ᠪᠣᠷᠬᠠᠨ ᠤ ᠠᠪᠣ ᠡᠵᠢ ᠨᠢ ᠳᠤᠡᠭ᠌ ᠶ‍ᠠᠳᠠᠭᠤ ᠵᠥᠳᠡᠭᠦᠤ ᠠᠮᠢᠳᠤᠷᠠᠵᠤ᠂ ᠭᠠᠳᠠᠨ᠎ᠡ ᠪᠠᠨ ᠭᠠᠭᠴᠠ ᠦᠨᠢᠶ᠎ᠡ ᠲᠡᠶ ᠪᠠᠢ᠌ᠵᠤ ᠭᠡᠨ᠎ᠡ᠃ ᠡᠵᠢ ᠨᠢ ᠡᠳᠤᠷ ᠪᠦᠷᠢ ᠭᠠᠭᠴᠠ ᠦᠨᠢᠶ᠎ᠡ ᠪᠠᠨ ᠬᠠᠷᠢᠭᠤᠯᠵᠤ ᠶ‍ᠠᠪᠣᠳᠠᠭ ᠪᠠᠢ᠌ᠵᠠᠢ᠃ ᠪᠢᠯᠢᠭ᠌ ᠤᠨ ᠣᠯᠠᠷᠢᠯ ᠤᠨ 10 ᠰᠠᠷ᠎ᠠ ᠶᠢᠨ 25 ᠤ ᠡᠳᠤᠷ ᠡᠵᠢ ᠨᠢ ᠮᠦᠨ ᠯᠠ ᠭᠠᠭᠴᠠ ᠦᠨᠢᠶ᠎ᠡ ᠪᠠᠨ ᠬᠠᠷᠠᠵᠤ ᠶ‍ᠠᠪᠣᠵᠤ ᠪᠠᠢ᠌ᠳᠠᠯ᠎ᠠ ᠭᠡᠳᠡᠰᠤ ᠨᠢ ᠡᠪᠠᠳᠦᠭᠡᠤᠨ ᠭᠦᠳᠡᠭᠡ ᠭᠡᠭᠡᠷ᠎ᠡ ᠽᠦᠡᠭ᠍ᠺᠠᠸ᠎ᠠ ᠪᠣᠷᠬᠠᠨ ᠢ ᠮᠡᠡᠳᠦᠯᠡᠭ᠍ᠰᠡᠨ ᠭᠡᠨ᠎ᠡ᠃ ᠶ‍ᠠᠭ ᠡᠨᠠ ᠦᠶ᠎ᠡ ᠳᠤ ᠭᠠᠭᠴᠠ ᠦᠨᠢᠶ᠎ᠡ ᠨᠢ ᠴᠤ ᠳᠤᠭᠤᠯᠯᠠᠠᠠᠰᠠᠨ ᠪᠠᠢ᠌ᠵᠠᠢ᠃ ᠭᠡᠷᠪᠡ ᠳᠤᠭᠤᠯ ᠢ ᠭᠦᠯᠳᠡᠭᠡᠵᠤ ᠣᠷᠭᠢᠪᠠᠯ ᠡᠷ᠎ᠡ ᠨᠢ ᠠᠭᠤᠷᠯᠠᠬᠤ ᠡᠴᠡ ᠡᠮᠢᠶ‍ᠡᠵᠤ ᠭᠦᠤ ᠪᠠᠨ ᠭᠡᠭᠡᠷ᠎ᠡ ᠬᠠᠶ‍ᠠᠵᠤ ᠳᠤᠭᠤᠯ ᠶᠢᠡᠨ ᠠᠪᠴᠤ ᠬᠠᠷᠢᠵᠠᠢ᠃ ᠳᠡᠭᠡᠭᠡᠤᠨ ᠪᠣᠴᠠᠵᠤ ᠢᠷᠡᠭᠦ ᠳᠤ ᠨᠢ ᠭᠦᠤ ᠨᠢ ᠬᠠᠷᠢᠨ ᠭᠡᠭᠡᠷ᠎ᠡ ᠬᠠᠯᠠᠭᠤᠨ ᠠᠭᠤᠷ ᠰᠠᠪᠰᠠᠭᠤᠯᠴᠢᠬᠠᠭᠰᠠᠨ ᠪᠠᠢ᠌ᠠᠠᠰᠠᠨ ᠭᠡᠳᠡᠭ᠌᠃ ᠢᠢᠨᠭᠦ ᠵᠠᠷᠤᠳ ᠨᠤᠳᠤᠭ ᠲᠤ ᠽᠦᠡᠭ᠍ᠺᠠᠸ᠎ᠠ ᠪᠣᠷᠬᠠᠨ ᠪᠣᠯ ᠪᠣᠶ‍ᠠᠨ ᠲᠡᠶ ᠭᠦᠮᠤᠨ᠂ ᠠᠮᠢᠳᠤ ᠪᠣᠷᠬᠠᠨ ᠭᠡᠯᠴᠡᠵᠤ ᠮᠠᠰᠢ ᠶ‍ᠡᠭᠡ ᠪᠠᠷ ᠭᠦᠡᠳᠦᠦᠡᠭᠡᠳᠡᠭ᠌ ᠪᠦᠭᠡᠤᠨ ᠳᠡᠭᠦᠨ ᠤ ᠮᠡᠡᠳᠦᠯᠡᠭ᠍ᠰᠡᠨ ᠡᠳᠤᠷ ᠢ ᠨᠢ ᠵᠢᠯ ᠪᠦᠷᠢ ᠮᠠᠷᠳᠠᠯ ᠦᠭᠡᠶ ᠳᠤᠷᠠᠰᠬᠠᠨ ᠳᠡᠮᠳᠡᠭᠯᠡᠳᠡᠭ᠌ ᠪᠣᠯᠤᠭᠰᠠᠨ ᠠᠵᠢ᠃

ᠳᠤᠰ ᠡᠳᠤᠷ ᠢ ᠪᠠᠷᠤᠭ ᠨᠠᠢ᠌ᠳᠠ ᠮᠤᠩᠭ᠋ᠤᠯᠴᠤᠳ ᠳᠤᠷᠠᠰᠬᠠᠨ ᠳᠡᠮᠳᠡᠭᠯᠡᠭ᠍ᠰᠡᠭᠡᠷ ᠢᠷᠡᠭ᠍ᠰᠡᠨ ᠪᠣᠯᠪᠠᠴᠤ ᠨᠤᠳᠤᠭ ᠨᠤᠳᠤᠭ ᠲᠤ ᠠᠳᠠᠯᠢ ᠪᠣᠰᠤ ᠶᠢᠨ ᠵᠠᠩᠰᠢᠯ ᠲᠡᠶ ᠪᠠᠢ᠌ᠳᠠᠭ᠃ ᠳᠤᠬᠠᠢ᠌ᠯᠠᠪᠠᠯ ᠂ ᠰᠢᠠᠵᠢᠶ‍ᠠᠩ ᠤᠨ ᠣᠢ᠌ᠷᠠᠤᠨ ᠮᠤᠩᠭ᠋ᠤᠯᠴᠤᠳ ᠳᠤᠰ ᠡᠳᠤᠷ ᠲᠤ ᠵᠤᠯᠠ ᠶᠢᠨ ᠨᠠᠢ᠌ᠷ ᠭᠡᠵᠤ ᠭᠢᠳᠡᠭ᠌᠃

ᠵᠤᠯᠠ ᠶᠢᠨ ᠨᠠᠢ᠌ᠷ ᠤᠨ ᠳᠡᠦᠭᠡ ᠶᠢᠨ ᠢᠷᠠᠯᠳᠠ ᠶᠢᠨ ᠳᠤᠬᠠᠢ ᠰᠤᠨᠤᠰᠬᠠᠯ ᠶᠢᠡᠷ ᠪᠣᠯ ᠵᠦᠩᠭᠠᠷ ᠣᠷᠤᠨ ᠤ ᠮᠤᠩᠭ᠋ᠤᠯᠴᠤᠳ ᠰᠢᠷ᠎ᠠ ᠶᠢᠨ ᠱᠠᠰᠢᠨ ᠢ ᠰᠢᠳᠤᠵᠤ ᠪᠠᠢ᠌ᠵᠠᠢ᠃ ᠰᠢᠷ᠎ᠠ ᠶᠢᠨ ᠱᠠᠰᠢᠨ ᠢ ᠡᠭᠦᠰᠭᠡᠨ ᠪᠦᠳᠦᠭᠡᠭ᠍ᠰᠡᠨ ᠽᠦᠡᠭ᠍ᠺᠠᠸ᠎ᠠ 108 ᠨᠠᠰᠤᠨ ᠰᠡᠭᠦᠳᠡᠷ ᠲᠡᠭᠡᠨ ᠳᠠᠭᠠᠯᠠᠯ ᠪᠣᠯᠤᠠᠠᠰᠠᠨ ᠦᠶ᠎ᠡ ᠳᠤ ᠵᠤᠯᠠ ᠪᠠᠷᠢᠵᠤ ᠣᠷᠤᠰᠢᠭᠤᠯᠤᠠᠠᠰᠠᠨ ᠭᠡᠳᠡᠭ᠌᠃ ᠵᠤᠯᠠ ᠰᠢᠳᠠᠭᠠᠬᠤ ᠶ‍ᠤᠰᠤᠨ ᠳᠡᠭᠦᠨ ᠡᠴᠡ ᠡᠭᠢᠯᠡᠭ᠍ᠰᠡᠨ ᠭᠡᠳᠡᠭ᠌᠃ ᠳᠠᠷᠠ ᠨᠢ ᠨᠠᠰᠤᠨ ᠦᠯᠵᠡᠢ ᠪᠠᠨ ᠢᠷᠦᠭᠡᠵᠤ᠂ ᠠᠮᠵᠢᠯᠳᠠ ᠢᠯᠠᠯᠳᠠ ᠪᠠᠨ ᠪᠠᠯᠭᠡᠯᠡᠨ ᠭᠡᠭᠡᠨ ᠰᠠᠷᠠᠭᠤᠯ ᠢᠷᠡᠭᠡᠳᠦᠢ ᠶᠢᠨ ᠳᠦᠯᠦᠭᠡ ᠳᠡᠮᠡᠴᠡᠭᠦ ᠰᠡᠦᠡᠭᠢᠯᠭᠡ ᠶᠢ ᠢᠯᠡᠦᠡᠭᠡᠵᠤ ᠪᠠᠢ᠌ᠳᠠᠭ ᠪᠣᠯᠬᠤᠷ ᠣᠢ᠌ᠷᠠᠤᠨ ᠮᠤᠩᠭ᠋ᠤᠯᠴᠤᠳ ᠡᠷᠳᠡ ᠳᠡᠭᠡᠳᠤ ᠡᠴᠡ ᠪᠠᠨ ᠠᠪᠣᠭᠠᠤᠨ ᠡᠨᠠᠭᠦ ᠨᠠᠢ᠌ᠷ ᠢ ᠶ‍ᠡᠭᠡ ᠪᠠᠷ ᠡᠷᠭᠢᠮᠯᠡᠵᠤ ᠭᠢᠳᠡᠭ᠌ ᠪᠠᠢ᠌ᠠᠠᠰᠠᠨ ᠪᠦᠭᠡᠤᠨ ᠣᠳᠤ ᠴᠤ ᠡᠨᠠᠭᠦ ᠵᠠᠩᠰᠢᠯ ᠶᠢᠡᠨ ᠣᠯᠠᠮᠵᠢᠯᠠᠨ ᠬᠠᠳᠠᠭᠠᠯᠠᠠᠠᠰᠠᠭᠠᠷ ᠪᠠᠢ᠌ᠭ᠎ᠠ ᠶ‍ᠤᠮ᠃ ᠭᠡᠳᠡᠯ᠎ᠡ ᠡᠨᠠ ᠡᠳᠤᠷ ᠨᠢ ᠽᠦᠡᠭ᠍ᠺᠠᠸ᠎ᠠ ᠪᠣᠷᠬᠠᠨ ᠤ ᠳᠠᠭᠠᠯᠠᠯ ᠪᠣᠯᠤᠠᠠᠰᠠᠨ ᠡᠳᠤᠷ ᠭᠡᠮᠡᠨ ᠳᠤᠷᠠᠰᠬᠠᠵᠤ ᠪᠠᠢ᠌ᠬᠤ ᠪᠣᠯᠬᠤᠷ ᠠᠷᠢᠭᠢ ᠳᠠᠷᠠᠰᠤ ᠣᠤᠭᠤᠵᠤ᠂ ᠳᠠᠭᠤᠯᠠᠨ ᠪᠦᠵᠢᠭᠯᠡᠭᠡᠤᠨ ᠨᠠᠢ᠌ᠷ ᠨᠠᠭᠠᠳᠤᠮ ᠭᠢᠵᠤ ᠭᠡᠳᠦᠷᠭᠡᠢ ᠶ‍ᠡᠭᠡ ᠵᠢᠷᠭᠠᠬᠤ ᠶ‍ᠤᠰᠤ ᠦᠭᠡᠶ ᠪᠢᠯᠠ᠃ ᠳᠡᠭᠡᠳᠤ ᠮᠤᠩᠭ᠋ᠤᠯᠴᠤᠳ ᠴᠤ ᠳᠤᠰ ᠡᠳᠤᠷ ᠵᠤᠯᠠ ᠶᠢᠨ ᠪᠠᠶᠠᠷ ᠭᠡᠵᠤ ᠶ‍ᠡᠭᠡ ᠥᠪᠠᠳᠡᠭ᠍ᠰᠢ ᠭᠢᠨ᠎ᠡ᠃ ᠬᠤᠷᠢᠨ ᠳᠠᠪᠤᠨ ᠤ ᠣᠷᠤᠢ ᠠᠢ᠌ᠯ ᠪᠦᠷᠢ ᠭᠡᠷ ᠤᠨ ᠶᠢᠡᠨ ᠡᠭᠦᠳᠡᠨ ᠳᠡᠭᠡᠷ᠎ᠡ ᠮᠤᠳᠤ ᠪᠣᠰᠬᠠᠵᠤ᠂ ᠳᠠᠷᠠᠭᠦ ᠮᠤᠳᠤᠨ ᠤ ᠣᠷᠤᠢ ᠳᠡᠭᠡᠷ᠎ᠡ ᠳᠠᠷᠮ᠎ᠠ ᠳᠠᠪᠠᠭ ᠳᠠᠯᠪᠢᠵᠤ ᠪᠣᠯᠬᠤ ᠵᠢᠭᠠᠬᠠᠨ ᠬᠠᠪᠳᠠᠭᠠᠢ ᠮᠤᠳᠤ ᠬᠠᠳᠠᠭᠠᠤᠨ ᠳᠡᠭᠦᠨ ᠳᠡᠭᠡᠷ᠎ᠡ ᠪᠠᠨ ᠵᠤᠯᠠ ᠶᠢᠨ ᠰᠠᠪᠠ ᠪᠠᠨ ᠳᠠᠯᠪᠢᠵᠤ᠂ ᠵᠠᠭᠤ ᠪᠦᠭᠡᠤᠨ ᠨᠠᠢᠮᠠᠨ ᠵᠤᠯᠠ ᠠᠰᠠᠭᠠᠨ᠎ᠡ᠃ ᠭᠡᠭᠦ ᠳᠡᠭᠡᠨ ᠵᠤᠯᠠ ᠶᠢᠨ ᠪᠠᠶᠠᠷ ᠤᠨ ᠵᠤᠯᠠ ᠶᠢ ᠵᠠᠪᠠᠯ ᠨᠢᠭᠡ ᠯᠠ ᠰᠠᠪᠠ ᠳᠤ ᠪᠠᠷᠢᠨ᠎ᠡ᠃ ᠢᠩᠭᠢᠵᠤ ᠵᠤᠯᠠ ᠪᠠᠨ ᠪᠠᠷᠢᠵᠤ ᠪᠠᠷᠠᠪᠠᠯ ᠴᠠᠢ᠌ᠯᠠᠨ ᠨᠠᠢ᠌ᠷᠯᠠᠳᠠᠭ᠃ ᠡᠭᠦᠡᠴᠢᠯᠡᠨ ᠣᠯᠠᠩᠭᠢ ᠨᠤᠳᠤᠭ ᠲᠤ ᠦᠪᠡᠷᠮᠢᠴᠡ ᠣᠠᠴᠠᠯᠢᠭ ᠪᠦᠭᠦᠢ ᠵᠠᠩ ᠵᠠᠩᠰᠢᠯ ᠪᠦᠷᠢᠯᠳᠤᠨ ᠳᠤᠭᠳᠠᠭᠠᠤᠨ ᠣᠯᠠᠮᠵᠢᠯᠠᠠᠠᠳᠠᠨ ᠵᠠᠯᠭᠠᠮᠵᠢᠯᠠᠠᠠᠳᠠᠠᠠᠰᠠᠭᠠᠷ ᠪᠠᠢ᠌ᠭ᠎ᠠ ᠪᠢᠯᠠ᠃

ᠵᠠᠷᠤᠳ ᠮᠤᠩᠭ᠋ᠤᠯᠴᠤᠳ ᠡᠨᠠᠭᠦ ᠡᠳᠤᠷ ᠢ ᠭᠦᠡᠳᠦᠦᠡᠭᠡᠨ ᠳᠤᠷᠠᠰᠬᠠᠭᠰᠠᠭᠠᠷ ᠢᠷᠡᠭ᠍ᠰᠡᠨ ᠪᠦᠭᠡᠤᠨ ᠦᠪᠡᠷᠮᠢᠴᠡ ᠣᠠᠴᠠᠯᠢᠭ ᠲᠡᠶ ᠪᠠᠢ᠌ᠳᠠᠭ ᠶ‍ᠤᠮ᠃ ᠨᠤᠳᠤᠭ ᠤᠨ ᠨᠠᠰᠤᠳᠠᠢ᠌ᠴᠤᠳ ᠤᠨ ᠶ‍ᠠᠷᠢᠬᠤ ᠪᠠᠷ ᠠᠩᠬᠠᠨ ᠳᠠᠭᠠᠨ ᠬᠤᠷᠢᠨ ᠳᠠᠪᠤᠨ ᠤ ᠰᠦᠨᠢ ᠠᠢ᠌ᠯ ᠪᠦᠷᠢ ᠮᠢᠩᠭ᠋ᠠᠨ ᠵᠤᠯᠠ ᠠᠰᠠᠭᠠᠳᠠᠭ ᠪᠠᠢ᠌ᠠᠠᠰᠠᠨ ᠭᠡᠨ᠎ᠡ᠃ ᠡᠨᠠᠭᠦ ᠵᠠᠩᠰᠢᠯ ᠨᠢ ᠣᠳᠤ ᠪᠠᠷᠤᠭ ᠳᠡᠦᠭᠡ ᠳᠤᠮᠤᠭ ᠰᠢᠭ ᠪᠣᠯᠵᠤ ᠣᠷᠭᠢᠭᠳᠠᠬᠤ ᠭᠡᠮᠵᠢᠶ‍ᠡᠨ ᠳᠤ ᠭᠦᠷᠴᠡᠢ ᠃ ᠭᠡᠪᠠᠴᠤ ᠬᠤᠷᠢᠨ ᠳᠠᠪᠤᠨ ᠢ ᠳᠤᠷᠠᠰᠬᠠᠬᠤ ᠠᠵᠢᠯᠯᠠᠭ᠎ᠠ ᠨᠢ ᠵᠤᠭᠢᠬᠤ ᠭᠡᠮᠵᠢᠶ᠎ᠡ ᠪᠠᠷ ᠶ‍ᠠᠪᠣᠠᠠᠳᠠᠵᠤ ᠪᠠᠢ᠌ᠨ᠎ᠡ᠃ ᠳᠤᠬᠠᠢ᠌ᠯᠠᠪᠠᠯ ᠂ ᠵᠠᠷᠤᠳ ᠮᠤᠩᠭ᠋ᠤᠯᠴᠤᠳ ᠬᠤᠷᠢᠨ ᠳᠠᠪᠤᠨ ᠤ ᠡᠳᠤᠷ ᠡᠭᠡᠵᠡᠭᠡᠢ (ᠬᠤᠷᠤᠳ) ᠢᠳᠡᠭᠦ᠂ ᠭᠦᠯᠳᠡᠭᠡᠭ᠍ᠰᠡᠨ ᠪᠣᠳᠠᠭ᠎ᠠ ( ᠪᠠᠰᠠ ᠴᠠᠷᠴᠠᠭᠠᠭᠰᠠᠨ ᠪᠣᠳᠠᠭ᠎ᠠ ᠭᠡᠳᠡᠭ᠌᠂ ᠪᠠᠭᠠᠷᠢᠨ ᠳᠤ ᠬᠤᠯᠢᠭᠰᠠᠨ ᠪᠣᠳᠠᠭ᠎ᠠ ᠭᠡᠨ᠎ᠡ ) ᠢᠳᠡᠭᠦ ᠪᠠ《ᠬᠤᠷᠢᠨ ᠳᠠᠪᠤᠨ ᠭᠦᠭᠡᠭᠡᠭᠦ》ᠵᠡᠷᠭᠡ ᠭᠡᠯᠪᠠᠷᠢ ᠲᠡᠶ ᠶ‍ᠠᠪᠣᠭᠳᠠᠳᠠᠭ᠃ ᠡᠭᠦᠨ ᠳᠤ ᠡᠭᠡᠵᠡᠭᠡᠢ ( ᠬᠤᠷᠤᠳ ) ᠢᠳᠡᠭᠦ ᠭᠡᠳᠡᠭ᠌ ᠨᠢ ᠬᠤᠷᠢᠨ ᠳᠠᠪᠤᠨ ᠤ ᠡᠳᠤᠷ ᠭᠡᠷ ᠬᠤᠳᠠᠯᠠᠭᠠᠷ ᠶᠢᠡᠷ ᠶᠢᠡᠨ ᠴᠤᠭᠯᠠᠷᠠᠵᠤ᠂ ᠨᠠᠮᠤᠷ ᠤᠨ ᠬᠠᠳᠠᠭᠠᠯᠠᠵᠤ ᠬᠤᠷᠢᠶ‍ᠠᠠᠠᠰᠠᠨ ᠡᠭᠡᠵᠡᠭᠡᠢ ( ᠬᠤᠷᠤᠳ ) ᠂ ᠬᠠᠳᠠᠭᠠᠭᠰᠠᠨ ᠦᠷᠦᠮ᠎ᠡ ᠵᠡᠷᠭᠡ ᠪᠠᠨ ᠭᠠᠷᠭᠠᠵᠤ ᠭᠦᠮᠤᠨ ᠪᠦᠷᠢ ᠳᠤ ᠬᠤᠪᠢᠳᠠᠭᠤᠯᠤᠨ ᠬᠤᠪᠢᠶ‍ᠠᠳᠠᠭ ᠪᠦᠭᠡᠤᠨ ᠶ‍ᠠᠮᠠᠷ ᠴᠤ ᠴᠡᠭᠡᠷ ᠬᠤᠷᠢᠭ᠎ᠠ ᠦᠭᠡᠶ ᠪᠠᠷ ᠳᠠᠪᠠ ᠪᠠᠷ ᠶᠢᠡᠨ ᠢᠳᠡᠳᠡᠭ᠌ ᠵᠠᠩᠰᠢᠯ ᠲᠡᠶ᠃ ᠭᠦᠯᠳᠡᠭᠡᠭ᠍ᠰᠡᠨ ᠪᠣᠳᠠᠭ᠎ᠠ ᠢᠳᠡᠭᠦ ᠭᠡᠳᠡᠭ᠌ ᠨᠢ ᠬᠤᠷᠢᠨ ᠳᠠᠪᠤᠨ ᠤ ᠰᠦᠨᠢ ᠨᠠᠢᠮᠠᠨ ᠬᠤᠪᠢ ᠭᠡᠮᠭᠡᠯᠡᠭ᠍ᠰᠡᠨ ᠬᠠᠭᠤᠷᠠᠢ ᠪᠣᠳᠠᠭ᠎ᠠ ( ᠠᠮᠤ ) ᠪᠠ ᠬᠠᠢ᠌ᠯᠤᠭᠤᠯᠤᠠᠠᠰᠠᠨ ᠰᠢᠷ᠎ᠠ ᠳᠤᠰᠤ ᠪᠠᠨ ᠨᠤᠬᠤᠭᠠᠤᠨ ᠫᠢᠯᠠ ᠪᠣᠶ‍ᠤ ᠭᠡᠪ ᠲᠤ ᠭᠢᠵᠤ ( ᠰᠢᠭᠢᠷ ᠭᠢᠵᠤ ᠴᠤ ᠪᠣᠯᠤᠨ᠎ᠡ ) ᠭᠠᠳᠠᠨ᠎ᠡ ᠳᠠᠯᠪᠢᠵᠤ ᠭᠦᠯᠳᠡᠭᠡᠭ᠍ᠰᠡᠨ ᠤ ᠳᠠᠷᠠᠭ᠎ᠠ ᠬᠤᠪᠢᠶ‍ᠠᠯᠴᠠᠨ ᠢᠳᠡᠳᠡᠭ᠌᠃ ᠢᠢᠮᠤ ᠡᠴᠡ ᠭᠦᠯᠳᠡᠭᠡᠭ᠍ᠰᠡᠨ ᠪᠣᠳᠠᠭ᠎ᠠ ᠶᠢ ᠣᠷᠤᠢ ᠢᠳᠡᠳᠡᠭ᠌ ᠵᠠᠩᠰᠢᠯ ᠲᠡᠶ᠃《ᠬᠤᠷᠢᠨ ᠳᠠᠪᠤᠨ ᠭᠦᠭᠡᠭᠡᠭᠦ》ᠪᠣᠯ ᠬᠠᠮᠤᠭ ᠤᠨ ᠣᠠᠴᠠᠭᠠᠢ ᠵᠠᠩᠰᠢᠯ ᠪᠣᠯᠬᠤ ᠪᠦᠭᠡᠤᠨ ᠵᠠᠪᠠᠯ ᠭᠡᠦᠭᠡᠤᠨ ᠪᠠᠭᠠᠴᠤᠳ ᠭᠦᠭᠡᠭᠡᠳᠡᠭ᠌ ᠪᠠᠢ᠌ᠨ᠎ᠡ᠃

ᠬᠤᠶ‍ᠠᠷ᠂《ᠬᠤᠷᠢᠨ ᠳᠠᠪᠤᠨ ᠭᠦᠭᠡᠭᠡᠭᠦ》ᠵᠠᠩ ᠣᠢ᠌ᠯᠠ ᠭᠢᠭᠡᠤᠨ ᠣᠴᠢᠷ


ᠪᠢᠯᠢᠭ᠌ ᠤᠨ ᠣᠯᠠᠷᠢᠯ ᠤᠨ 10 ᠰᠠᠷ᠎ᠠ ᠶᠢᠨ 25 ( ᠵᠡᠷᠢᠮ ᠨᠤᠳᠤᠭ ᠲᠤ ᠣᠳᠤ ᠪᠦᠷᠢᠳᠦᠭᠦ ᠦᠶ᠎ᠡ ) ᠪᠣᠯᠤᠮᠠᠠᠠᠴᠠ ᠭᠡᠦᠭᠡᠤᠨ ᠪᠠᠭᠠᠴᠤᠳ ᠡᠷᠦᠭᠡ ᠳᠠᠷᠠᠭᠠᠯᠠᠨ ᠣᠷᠤᠵᠤ ᠡᠭᠡᠵᠡᠭᠡᠢ ᠨᠡᠭᠡᠳᠡᠭ᠌᠃ ᠡᠭᠦᠨ ᠢ ᠵᠠᠷᠤᠳ ᠨᠤᠳᠤᠭ ᠲᠤ《ᠬᠤᠷᠢᠨ ᠳᠠᠪᠤᠨ ᠭᠦᠭᠡᠭᠡᠭᠦ》ᠭᠡᠳᠡᠭ᠌᠃ ᠨᠠᠰᠤᠳᠠᠢ᠌ᠴᠤᠳ ᠤᠨ ᠶ‍ᠠᠷᠢᠬᠤ ᠪᠠᠷ ᠽᠦᠡᠭ᠍ᠺᠠᠸ᠎ᠠ ᠪᠣᠷᠬᠠᠨ ᠤ ᠮᠡᠡᠳᠦᠯᠡᠭ᠍ᠰᠡᠨ ᠡᠳᠤᠷ ᠪᠣᠯᠬᠤᠷ ᠳᠡᠭᠦᠨ ᠡᠴᠡ ᠠᠳᠢᠰ ᠨᠡᠭᠡᠵᠤ ᠪᠠᠢ᠌ᠳᠠᠭ ᠭᠡᠨ᠎ᠡ᠃ ᠭᠡᠦᠭᠡᠤᠨ ᠥᠷᠯᠦᠭᠡ ᠡᠷᠳᠡᠯᠡᠨ ᠪᠣᠰᠴᠤ ᠠᠢ᠌ᠯ ᠳᠤ ᠡᠭᠡᠵᠡᠭᠡᠢ ᠨᠡᠭᠡᠭᠦ ᠪᠠᠷ ᠣᠴᠢᠨ᠎ᠡ ( ᠵᠡᠷᠢᠮ ᠳᠠᠭᠠᠨ ᠵᠠᠯᠠᠭᠤᠴᠤᠳ ᠠᠢ᠌ᠯ ᠤᠨ ᠪᠠᠷᠭᠡᠨ ᠲᠡᠶ ᠱᠤᠭᠯᠠᠵᠤ《ᠬᠤᠷᠢᠨ ᠳᠠᠪᠤᠨ ᠭᠦᠭᠡᠭᠡᠭᠦ》 ᠪᠠᠷ ᠣᠴᠢᠳᠠᠭ ᠴᠤ ᠪᠣᠢ ) ᠃ ᠨᠤᠳᠤᠭ ᠤᠨ ᠨᠠᠰᠤᠳᠠᠢ᠌ᠴᠤᠤᠯ ᠤᠨ ᠭᠡᠯᠡᠭᠦ ᠪᠠᠷ᠂ ᠥᠩᠭᠡᠷᠡᠭ᠍ᠰᠡᠨ ᠳᠤ ᠬᠤᠷᠢᠨ ᠳᠠᠪᠤᠨ ᠪᠣᠯᠤᠠᠠᠰᠠᠭᠠᠷ ᠭᠡᠦᠭᠡᠤᠨ ᠤᠳ ᠣᠭᠤᠳᠠ ᠱᠤᠤᠳᠠᠢ ᠡᠭᠦᠷᠴᠤ ᠡᠷᠦᠭᠡ ᠳᠠᠷᠠᠭᠠᠯᠠᠨ ᠣᠷᠤᠵᠤ ᠣᠭᠤᠳᠠ ᠣᠭᠤᠳᠠ ᠪᠠᠨ ᠳᠦᠭᠦᠷᠳᠡᠯ᠎ᠡ ᠡᠭᠡᠵᠡᠭᠡᠢ ᠣᠯᠳᠠᠭ ᠭᠡᠨ᠎ᠡ᠂ ᠣᠳᠤ ᠳᠠᠢ᠌ᠮᠤ ᠶ‍ᠡᠭᠡ ᠣᠯᠵᠠ ᠣᠮᠤᠭ ᠦᠭᠡᠶ ᠪᠣᠯᠵᠠᠢ᠃ ᠭᠡᠦᠭᠡᠤᠨ ᠠᠢ᠌ᠯ ᠳᠤ ᠣᠷᠤᠮᠠᠠᠠᠴᠠ ᠭᠡᠷ ᠤᠨ ᠡᠵᠡᠨ᠄《ᠶ‍ᠠᠭᠤᠨ ᠳᠤ ᠢᠷᠠᠪᠠ ︖》ᠭᠡᠵᠤ ᠰᠢᠭᠤᠳ ᠳᠤᠯᠭᠠᠨ ᠠᠰᠠᠭᠤᠬᠤ ᠳᠤ᠂ ᠭᠡᠦᠭᠡᠤᠨ᠄《ᠬᠤᠷᠢᠨ ᠳᠠᠪᠤᠨ ᠭᠦᠭᠡᠭᠡᠭᠦ ᠪᠠᠷ ᠢᠷᠠᠯ᠎ᠠ》ᠭᠡᠵᠤ ᠢᠷᠡᠭ᠍ᠰᠡᠨ ᠵᠤᠷᠢᠯᠭ᠎ᠠ ᠪᠠᠨ ᠰᠢᠭᠤᠳ ᠭᠡᠯᠡᠳᠡᠭ᠌᠃ ᠭᠡᠷ ᠤᠨ ᠡᠵᠡᠨ᠄《ᠵᠤᠤᠬ᠎ᠠ ᠪᠠᠷ ᠣᠷᠤᠭᠠᠤᠨ ᠶ‍ᠡᠡᠳᠦᠡᠭ᠌ ᠶᠢᠡᠷ ᠭᠠᠷᠴᠤ᠂ ᠳᠡᠭ᠍ᠷᠢ ᠶᠢᠨ ᠪᠣᠬᠤᠷ ᠢ ᠴᠤᠭᠤᠯᠤᠭᠠᠤᠨ ᠭᠤᠳ ( ᠬᠤᠷᠢᠨ ᠳᠠᠪᠤᠨ ᠬᠣᠢ᠌ᠳᠤ ᠴᠤᠩᠬᠤ ᠪᠠᠷ ᠭᠤᠳ ᠭᠡᠭᠦ ᠴᠤ ᠪᠣᠢ ) 》ᠭᠡᠭᠦ ᠳᠤ᠂ ᠭᠡᠦᠭᠡᠤᠨ᠄《ᠬᠤᠯᠤᠭᠠᠨ᠎ᠡ ᠶᠢᠨ ᠨᠥᠭᠡᠨ ᠳᠤ ᠣᠷᠤᠠᠠᠰᠠᠨ ᠴᠤ ᠭᠦᠭᠡᠭᠡᠵᠤ ᠪᠠᠢ᠌ᠭᠠᠤᠨ ᠠᠪᠤᠨ᠎ᠡ᠂ ᠮᠤᠳᠤᠨ ᠭᠦᠡᠳᠡᠢ ᠳᠤ ᠣᠷᠤᠠᠠᠰᠠᠨ ᠴᠤ ᠮᠦᠷᠳᠡᠵᠤ ᠪᠠᠢ᠌ᠭᠠᠤᠨ ᠠᠪᠤᠨ᠎ᠡ》ᠭᠡᠵᠤ ᠬᠠᠷᠢᠭᠤᠯᠳᠠᠭ᠃ ᠡᠨᠠ ᠮᠠᠳᠤᠴᠢᠯᠠᠨ ᠭᠡᠷ ᠤᠨ ᠡᠵᠡᠨ ᠪᠣᠯᠤᠨ ᠭᠡᠦᠭᠡᠤᠨ ᠬᠠᠷᠢᠯᠴᠠᠨ ᠳᠠᠭᠠᠷᠢᠯᠴᠠᠬᠤ ᠭᠡᠯᠪᠠᠷᠢ ᠪᠠᠷ ᠴᠠᠴᠠ ᠪᠣᠯᠢᠶ‍ᠠᠯᠳᠤᠵᠤ ᠥᠭᠡ ᠣᠷᠤᠯᠳᠤᠳᠠᠭ᠃ ᠡᠴᠦᠰ ᠲᠡᠭᠡᠨ ᠭᠡᠦᠭᠡᠤᠨ ᠭᠡᠷ ᠤᠨ ᠡᠵᠡᠨ ᠢ ᠭᠡᠯᠡᠵᠤ ᠪᠢᠰᠢᠷᠡᠭᠦᠯᠦᠭᠡᠤᠨ ᠡᠭᠡᠵᠡᠭᠡᠢ ᠣᠯᠤᠨ᠎ᠡ᠂ ᠡᠰᠡ ᠳᠡᠭᠡᠪᠠᠯ ᠡᠭᠡᠵᠡᠭᠡᠢ ᠥᠭ᠍ᠳᠡᠭ᠌ ᠦᠭᠡᠶ᠃ ᠭᠡᠪᠠᠴᠤ《ᠭᠡᠦᠭᠡᠤᠨ ᠪᠠᠶᠠᠷᠯᠠᠪᠠᠯ ᠭᠠᠵᠠᠷ ᠯᠤᠤᠰ ᠭᠦᠷᠳᠡᠯ᠎ᠡ ᠪᠠᠶᠠᠷᠯᠠᠨ᠎ᠡ》ᠭᠡᠳᠡᠭ᠌ ᠪᠣᠯᠬᠤᠷ ᠭᠡᠦᠭᠡᠤᠨ ᠢ ᠶ‍ᠠᠷᠤᠨᠢ ᠭᠠᠷ ᠬᠤᠭᠤᠰᠤᠨ ᠭᠠᠷᠭᠠᠳᠠᠭ ᠦᠭᠡᠶ ᠣᠴᠢᠷᠳᠠᠢ᠃《ᠬᠤᠷᠢᠨ ᠳᠠᠪᠤᠨ ᠭᠦᠭᠡᠭᠡᠭᠦ》ᠵᠠᠩᠰᠢᠯ ᠨᠢ ᠵᠥᠪᠭᠡᠨ ᠡᠭᠡᠵᠡᠭᠡᠢ ᠣᠯᠵᠤ ᠭᠡᠰᠦᠵᠤ ᠳᠤᠭᠤᠷᠢᠬᠤ ᠶᠢᠨ ᠳᠦᠯᠦᠭᠡ ᠯᠠ ᠪᠢᠰᠢ᠂ ᠳᠡᠭᠦᠨ ᠤ ᠴᠠᠭᠠᠨ᠎ᠡ ᠨᠠᠩ ᠭᠦᠨ ᠶ‍ᠤᠰᠤ ᠣᠴᠢᠷ ᠠᠭᠤᠯᠤᠠᠠᠳᠠᠵᠤ ᠪᠠᠢ᠌ᠭ᠎ᠠ ᠶ‍ᠤᠮ᠃

ᠵᠠᠷᠤᠳ ᠮᠤᠩᠭ᠋ᠤᠯᠴᠤᠳ ᠤᠨ《ᠬᠤᠷᠢᠨ ᠳᠠᠪᠤᠨ ᠭᠦᠭᠡᠭᠡᠭᠦ》ᠵᠠᠩᠰᠢᠯ ᠤᠨ ᠪᠦᠭᠦ ᠶ‍ᠠᠪᠣᠴᠠ ᠡᠴᠡ ᠥᠵᠡᠭᠦ ᠳᠤ᠂ ᠭᠡᠦᠭᠡᠤᠨ ᠪᠣᠯᠤᠨ ᠶ‍ᠡᠭᠡ ᠭᠦᠮᠦᠰ ᠤᠨ ᠶ‍ᠠᠷᠢᠯᠴᠠᠭ᠎ᠠ ᠨᠢ ᠮᠤᠩᠭ᠋ᠤᠯ ᠬᠤᠷᠢᠮ ᠨᠠᠢ᠌ᠷ ᠤᠨ ᠭᠡᠯᠡᠮᠦᠷ ᠥᠭᠡ ᠲᠡᠶ ᠳᠦᠰᠦᠭᠡᠳᠡᠢ ᠪᠠᠢ᠌ᠳᠠᠭ᠃ ᠨᠠᠩ ᠴᠢᠬᠤᠯᠠ ᠨᠢ ᠮᠤᠩᠭ᠋ᠤᠯᠴᠤᠳ ᠭᠡᠦᠭᠡᠤᠨ ᠢ ᠪᠠᠭ᠎ᠠ ᠡᠴᠡ ᠨᠢ ᠭᠡᠯᠡ ᠶ‍ᠠᠷᠢᠶ‍ᠠᠨ ᠳᠤ ᠪᠣᠯᠪᠠᠰᠤᠷᠠᠭᠤᠯᠵᠤ᠂ ᠣᠷᠠᠨ ᠴᠠᠴᠠᠨ ᠪᠣᠯᠭᠠᠳᠠᠭ ᠤᠨ ᠨᠢᠭᠡᠨ ᠵᠢᠱᠢᠶ᠎ᠠ ᠭᠡᠵᠤ ᠭᠡᠯᠡᠵᠤ ᠪᠣᠯᠤᠮᠠᠷ ᠶ‍ᠤᠮ᠃ ᠡᠨᠠ ᠮᠠᠳᠤ ᠪᠠᠷ ᠡᠷᠦᠭᠡ ᠳᠠᠷᠠᠭᠠᠯᠠᠨ ᠣᠷᠤᠵᠤ ᠥᠭᠡ ᠶᠢᠨ ᠮᠥᠷᠥᠢᠴᠡᠭᠡᠨ ᠶ‍ᠠᠪᠣᠭᠤᠯᠬᠤ ᠳᠤᠮᠳᠠ ᠭᠡᠦᠭᠡᠤᠨ ᠠᠶ‍ᠠᠠᠳᠠᠭᠠᠨ ᠭᠡᠯᠡᠨ ᠳᠡᠭᠡᠨ ᠴᠠᠭᠠᠷᠠᠵᠤ ᠭᠡᠷ ᠤᠨ ᠡᠵᠡᠨ ᠢ ᠭᠠᠷᠳᠠᠭᠠᠵᠤ ᠪᠢᠰᠢᠷᠡᠭᠦᠯᠦᠭᠡᠤᠨ ᠣᠭᠤᠳᠠ ᠪᠠᠨ ᠳᠦᠭᠦᠷᠡᠳᠡᠯ᠎ᠡ ᠡᠭᠡᠵᠡᠭᠡᠢ ᠣᠯᠵᠤ ᠭᠠᠠᠵᠤᠭ᠎ᠠ ᠳᠦᠭᠦᠷᠡᠩ ᠪᠣᠴᠠᠳᠠᠭ ᠶ‍ᠤᠮ ᠪᠠᠢ᠌ᠨ᠎ᠠ᠃ ᠡᠭᠦᠨ ᠳᠤ ᠭᠡᠨ ᠤ ᠭᠢᠨᠢ ᠣᠯᠤᠠᠠᠰᠠᠨ ᠡᠭᠡᠵᠡᠭᠡᠢ ᠨᠢ ᠠᠷᠪᠢᠨ ᠪᠣᠯ ᠭᠡᠨ ᠨᠢ ᠭᠡᠯᠡ ᠠᠮᠠᠨ ᠳᠠᠭᠠᠨ ᠬᠤᠷᠴᠠ ᠪᠣᠯᠬᠤ ᠶᠢᠨ ᠪᠠᠯᠭᠡ ᠳᠡᠮᠳᠡᠭ᠌ ᠮᠦᠨ ᠭᠡᠯᠴᠡᠳᠡᠭ᠌ ᠠᠵᠢ᠃

ᠶ‍ᠢᠰᠤᠨ ᠨᠠᠰᠤᠳᠠᠢ ᠦᠨᠦᠴᠢᠨ ᠭᠦᠤ ᠠᠷᠢᠭᠢᠨ ᠤ ᠶ‍ᠤᠰᠤ ᠣᠴᠢᠷ ᠢ ᠵᠣᠢ᠌ᠴᠢᠯᠠᠨ ᠶ‍ᠠᠷᠢᠵᠤ᠂ ᠴᠢᠩᠭᠢᠰ ᠤᠨ ᠲᠦᠷᠦ ᠶᠢᠨ ᠳᠤᠯᠭᠠᠭᠤᠷᠢ ᠪᠣᠯᠤᠠᠠᠰᠠᠨ ᠶ‍ᠢᠰᠤᠨ ᠥᠷᠯᠦᠭ᠌ ᠢ ᠭᠠᠷᠳᠠᠭᠠᠭᠰᠠᠨ ᠶ‍ᠠᠪᠣᠳᠠᠯ ᠡᠴᠡ ᠡᠷᠳᠡᠨ ᠤ ᠮᠤᠩᠭ᠋ᠤᠯᠴᠤᠳ ᠤᠨ ᠭᠡᠦᠭᠡᠤᠨ ᠢ ᠪᠠᠭ᠎ᠠ ᠡᠴᠡ ᠨᠢ ᠭᠡᠯᠡ ᠶ‍ᠠᠷᠢᠶ‍ᠠᠨ ᠳᠤ ᠴᠠᠭᠠᠷᠠᠭᠤᠯᠵᠤ᠂ ᠣᠷᠠᠨ ᠴᠠᠴᠠᠨ ᠪᠣᠯᠭᠠᠳᠠᠭ ᠪᠠᠢ᠌ᠭᠰᠠᠨ ᠢ ᠳᠤᠳᠤ ᠮᠠᠳᠠᠵᠤ ᠪᠣᠯᠤᠨ᠎ᠡ᠃ ᠭᠡᠭᠦ ᠳᠡᠭᠡᠨ ᠵᠠᠷᠤᠳ ᠮᠤᠩᠭ᠋ᠤᠯᠴᠤᠳ ᠤᠨ《ᠬᠤᠷᠢᠨ ᠳᠠᠪᠤᠨ ᠭᠦᠭᠡᠭᠡᠭᠦ》ᠵᠠᠩ ᠣᠢ᠌ᠯᠠ ᠡᠴᠡ ᠡᠨᠠᠭᠦ ᠡᠷᠳᠡᠨ ᠤ ᠳᠡᠦᠭᠡᠨ ᠣᠯᠠ ᠮᠦᠷ ᠢ ᠪᠢᠳᠠ ᠣᠯᠵᠤ ᠬᠠᠷᠠᠵᠤ ᠪᠣᠯᠤᠨ᠎ᠡ᠃

ᠵᠠᠷᠤᠳ ᠮᠤᠩᠭ᠋ᠤᠯᠴᠤᠳ ᠤᠨ ᠮᠠᠯ ᠳᠠᠷᠢᠶ‍ᠠᠯᠠᠩ ᠬᠤᠤᠰᠯᠠᠭᠤᠯᠤᠠᠠᠰᠠᠨ ( ᠲᠠᠷᠢᠶ‍ᠠᠯᠠᠩ ᠭᠤᠤᠯᠯᠠᠨ᠎ᠡ) ᠠᠵᠤ ᠠᠬᠤᠢ ᠶᠢᠨ ᠣᠠᠴᠠᠭᠠᠢ ᠣᠷᠴᠢᠨ ᠨᠢ ᠡᠨᠠᠭᠦ ᠵᠠᠩᠰᠢᠯ ᠢ ᠣᠷᠭᠢᠭᠳᠠᠨ ᠭᠡᠭᠡᠭ᠍ᠳᠡᠭᠦᠯᠭᠦ ᠳᠠᠰᠢ ᠬᠠᠠᠳᠤᠭᠤᠯᠵᠤ ᠪᠣᠢ᠃ ᠭᠡᠦᠭᠡᠤᠨ ᠣᠳᠤ ᠴᠤ ᠬᠠᠶᠠ ᠡᠭᠡᠵᠡᠭᠡᠢ ᠨᠡᠭᠡᠵᠤ ᠶ‍ᠠᠪᠣᠳᠠᠭ ᠪᠣᠯᠪᠠᠴᠤ ᠣᠤᠯ ᠤᠨ ᠰᠢᠭ ᠳᠠᠢ᠌ᠮᠤ ᠭᠦᠷ ᠨᠠᠷᠭᠢᠶ‍ᠠᠨ ᠲᠡᠶ ᠪᠢᠰᠢ ᠪᠣᠯᠵᠠᠢ᠃ ᠡᠭᠦᠨ ᠢ ᠳᠠᠷᠢᠶ‍ᠠᠯᠠᠩ ᠭᠤᠤᠯᠯᠠᠬᠤ ᠪᠠᠢ᠌ᠷᠢ ᠶᠢ ᠡᠵᠡᠯᠡᠭ᠍ᠰᠡᠨ ︱ ᠮᠠᠯ ᠴᠥᠭᠡᠷᠡᠭ᠍ᠰᠡᠨ ︱ ᠴᠠᠭᠠᠨ ᠢᠳᠡᠭᠡᠨ ᠬᠤᠪᠣᠷᠳᠠᠭᠰᠠᠨ ︱ ᠵᠠᠩ ᠵᠠᠩᠰᠢᠯ ᠠᠯᠳᠠᠠᠠᠳᠠᠵᠤ ᠪᠠᠢ᠌ᠭ᠎ᠠ ᠭᠡᠭᠦ ᠨᠢᠭᠡ ᠰᠢᠵᠢᠮ ᠶᠢᠡᠷ ᠭᠡᠯᠭᠢᠵᠤ ᠪᠣᠯᠤᠨ᠎ᠡ᠃ ᠡᠨᠠ ᠨᠢ ᠮᠦᠨ ᠴᠤ ᠵᠠᠷᠤᠳ ᠨᠤᠳᠤᠭ ᠤᠨ ᠨᠡᠢ᠌ᠭᠡᠮ ᠤᠨ ᠣᠷᠴᠢᠨ ᠳᠤᠭᠤᠷᠢᠨ᠂ ᠳᠤᠬᠠᠢ᠌ᠯᠠᠪᠠᠯ᠂ ᠭᠢᠳᠠᠤᠨ ᠦᠨᠳᠦᠰᠦᠳᠠᠨ ᠲᠡᠶ ᠣᠷᠳᠤ ᠬᠤᠭᠤᠴᠠᠭ᠎ᠠ ᠪᠠᠷ ᠣᠢ᠌ᠷ᠎ᠠ ᠵᠡᠷᠭᠡᠯᠡᠳᠡᠭᠡ ᠪᠣᠶ‍ᠤ ᠬᠤᠯᠢᠯᠳᠤᠨ ᠰᠠᠭᠤᠷᠢᠰᠢᠬᠰᠠᠨ ᠡᠴᠡ ᠦᠨᠳᠦᠰᠦᠳᠠᠨ ᠤ ᠣᠯᠠᠮᠵᠢᠯᠠᠯᠳᠤ ᠵᠠᠩ ᠵᠠᠩᠰᠢᠯ ᠠᠶ‍ᠠᠠᠳᠠᠭᠠᠨ ᠭᠡᠭᠡᠭ᠍ᠳᠡᠵᠤ ᠪᠠᠢ᠌ᠭ᠎ᠠ ᠪᠦᠭᠡᠤᠨ ᠦᠨᠳᠦᠰᠦᠳᠠᠨ ᠤ ᠰᠤᠶᠤᠯ ᠤᠨ ᠬᠠᠢ᠌ᠯᠤᠭᠳᠠᠵᠤ ᠪᠠᠢ᠌ᠭ᠎ᠠ ᠶᠢᠨ ᠪᠠᠰᠠ ᠨᠢᠭᠡᠨ ᠪᠣᠳᠠᠳᠤ ᠭᠡᠷᠡᠴᠢ ᠪᠣᠯᠵᠠᠢ᠃ ᠣᠢ᠌ᠷ᠎ᠠ ᠶᠢᠨ ᠵᠢᠯ ᠡᠴᠡ ᠮᠠᠯ ᠢ ᠬᠠᠰᠢᠶ‍ᠠᠯᠠᠨ ᠳᠡᠵᠢᠭᠡᠭᠦ ᠪᠣᠳᠤᠯᠭ᠎ᠠ ᠶᠢ ᠠᠪᠣᠠᠠᠰᠠᠨ ᠶ‍ᠠᠪᠣᠳᠠᠯ ᠨᠢ ᠨᠤᠳᠤᠭ ᠪᠠᠯᠴᠢᠭᠡᠷ ᠢᠪᠴᠤᠤ ᠵᠠᠷᠤᠳ ᠨᠤᠳᠤᠭ ᠤᠨ ᠠᠷᠠᠤᠨ ᠲᠦᠮᠡᠨ ᠳᠤ ᠳᠣᠢ᠌ᠯ ᠤᠨ ᠶ‍ᠡᠭᠡ ᠶ‍ᠠᠷᠰᠢᠭ ᠳᠦᠪᠠᠭ᠌ ᠠᠪᠴᠢᠷᠠᠨ ᠦᠭ‍ᠭᠦᠭᠰᠡᠨ ᠡᠴᠡ ᠭᠦᠮᠦᠰ ᠳᠠᠷᠢᠶ‍ᠠᠯᠠᠩ ᠢ ᠨᠠᠩ ᠴᠢᠬᠤᠯᠠᠴᠢᠯᠠᠨ ᠭᠦᠡᠳᠦᠦᠡᠭᠡᠵᠤ ᠮᠠᠯ ᠠᠵᠤ ᠠᠬᠤᠢ ᠶᠢ ᠳᠤᠰᠠᠯᠠᠬᠤ ᠪᠠᠢ᠌ᠷᠢ ᠳᠤ ᠣᠷᠤᠭᠤᠯᠤᠭᠰᠠᠨ ᠡᠴᠡ ᠣᠯᠠᠩᠭᠢ ᠣᠯᠠᠮᠵᠢᠯᠠᠯᠳᠤ ᠵᠠᠩᠰᠢᠯ ᠭᠡᠭᠡᠭ᠍ᠳᠡᠵᠤ ᠡᠭᠢᠯᠡᠭ᠍ᠰᠡᠨ ᠪᠠᠢ᠌ᠨ᠎ᠡ᠃ 《ᠬᠤᠷᠢᠨ ᠳᠠᠪᠤᠨ ᠭᠦᠭᠡᠭᠡᠭᠦ》ᠵᠠᠩᠰᠢᠯ ᠳᠠᠢ᠌ᠮᠤ ᠳᠦᠭᠡᠮᠡᠯ ᠪᠢᠰᠢ ᠪᠣᠯᠤᠠᠠᠰᠠᠨ ᠨᠢ ᠨᠢᠭᠡ ᠵᠢᠱᠢᠶ᠎ᠠ ᠮᠦᠨ᠃

ᠶ‍ᠡᠷᠦᠩᠭᠡᠢ᠌ᠯᠡᠪᠠᠯ ᠂ ᠵᠠᠷᠤᠳ ᠮᠤᠩᠭ᠋ᠤᠯᠴᠤᠳ ᠤᠨ ᠳᠤᠮᠳᠠ ᠣᠯᠠᠮᠵᠢᠯᠠᠠᠠᠳᠠᠵᠤ ᠪᠠᠢ᠌ᠭ᠎ᠠ《ᠬᠤᠷᠢᠨ ᠳᠠᠪᠤᠨ ᠭᠦᠭᠡᠭᠡᠭᠦ》ᠵᠠᠩᠰᠢᠯ ᠪᠣᠯ ᠡᠷᠳᠡᠨ ᠤ ᠮᠤᠩᠭ᠋ᠤᠯᠴᠤᠳ ᠤᠨ ᠳᠡᠦᠭᠡᠨ ᠣᠯᠠ ᠮᠦᠷ ᠢ ᠬᠠᠷᠠᠭᠤᠯᠵᠤ ᠴᠢᠳᠠᠬᠣᠢ᠌ᠴᠠ ᠣᠯᠠᠮᠵᠢᠯᠠᠯᠳᠤ ᠵᠠᠩᠰᠢᠯ ᠤᠨ ᠨᠢᠭᠡ ᠪᠣᠯᠬᠤ ᠪᠦᠭᠡᠤᠨ ᠳᠠᠷᠠ ᠨᠢ ᠵᠥᠪᠭᠡᠨ ᠽᠦᠡᠭ᠍ᠺᠠᠸ᠎ᠠ ᠪᠣᠷᠬᠠᠨ ᠤ ᠮᠡᠡᠳᠦᠯᠡᠭ᠍ᠰᠡᠨ ᠡᠳᠤᠷ ᠢ ᠳᠤᠷᠠᠰᠬᠠᠬᠤ ᠳᠠᠳᠤᠢ ᠯᠠ ᠪᠢᠰᠢ ᠶ‍ᠤᠮ᠃ ᠬᠠᠷᠢᠨ ᠮᠤᠩᠭ᠋ᠤᠯᠴᠤᠳ ᠤᠨ ᠠᠮᠢᠳᠤᠷᠠᠯ ᠳ᠋ᠠᠭᠢ ᠪᠣᠷᠬᠠᠨ ᠤ ᠱᠠᠰᠢᠨ ᠤ ᠨᠥᠯᠦᠭᠡ ᠣᠢ᠌ᠯᠠᠳᠤᠯ ᠢ ᠵᠤᠭᠢᠬᠤ ᠭᠡᠮᠵᠢᠶ‍ᠡᠨ᠎ᠡ ᠳᠤᠳᠤᠷᠠᠭᠤᠯᠤᠠᠠᠰᠠᠨ ᠪᠠᠢ᠌ᠨ᠎ᠠ᠃ ᠡᠨᠠ ᠵᠠᠩᠰᠢᠯ ᠣᠳᠤ ᠳᠦᠭᠡᠮᠡᠯ ᠪᠢᠰᠢ ᠪᠣᠯᠤᠭᠰᠠᠨ ᠨᠢ ᠭᠦᠳᠡᠭᠡ ᠨᠤᠳᠤᠭ ᠤᠨ ᠭᠦᠮᠦᠰ ᠤᠨ ᠴᠠᠭ ᠤᠨ ᠣᠷᠤᠰᠬᠠᠯ ᠢ ᠰᠤᠬᠤᠷ ᠪᠠᠯᠠᠢ ᠪᠠᠷ ᠳᠠᠭᠠᠵᠤ ᠦᠨᠳᠦᠰᠦᠳᠠᠨ ᠤ ᠦᠨ᠎ᠡ ᠴᠡᠨ᠎ᠡ ᠲᠡᠶ ᠰᠤᠶᠤᠯ ︱ ᠣᠯᠠᠮᠵᠢᠯᠠᠯᠳᠤ ᠵᠠᠩ ᠵᠠᠩᠰᠢᠯ ᠶᠢᠡᠨ ᠣᠷᠭᠢᠵᠤ ᠪᠠᠢ᠌ᠭ᠎ᠠ᠂ ᠴᠢᠨᠠᠭᠰᠢᠯᠠᠪᠠᠯ ᠮᠤᠩᠭ᠋ᠤᠯ ᠰᠤᠶᠤᠯ ᠤᠨ ᠣᠷᠭᠢᠭᠳᠠᠨ ᠭᠡᠭᠡᠭ᠍ᠳᠡᠵᠤ ᠪᠠᠢ᠌ᠭ᠎ᠠ ᠪᠠ ᠦᠨᠳᠦᠰᠦᠳᠠᠨ ᠤ ᠰᠤᠷᠭᠠᠨ ᠭᠦᠮᠦᠵᠢᠯ ᠤᠨ ᠳᠤᠭᠤᠯᠳᠠᠯ ᠳᠠᠯ᠎ᠠ ᠶᠢ ᠴᠤ ᠬᠠᠷᠠᠭᠤᠯᠵᠠᠢ᠃

ᠮᠤᠩᠭ᠋ᠤᠯ ᠦᠨᠳᠦᠰᠦᠳᠠᠨ ᠪᠣᠯ ᠦᠨᠢᠷ ᠪᠠᠶᠠᠯᠢᠭ ᠰᠤᠶᠤᠯ ᠲᠡᠶ᠂ ᠥᠷᠭᠡᠨ ᠳᠡᠯᠭᠡᠷ ᠦᠪ ᠭᠦᠷᠦᠩᠭᠡ ᠲᠡᠶ ᠶ‍ᠤᠮ᠃ ᠡᠭᠦᠨ ᠶᠢᠡᠨ ᠴᠢᠨᠠᠭᠰᠢ ᠪᠠᠶᠠᠯᠢᠠᠠᠵᠢᠭᠤᠯᠬᠤ ᠶ‍ᠤᠮ ᠦᠦ᠂ ᠳᠤᠷᠣᠢ᠌ᠳᠠᠭᠤᠯᠬᠤ ᠶ‍ᠤᠮ ᠦᠦ ᠭᠡᠳᠡᠭ᠌ ᠨᠢ ᠮᠠᠨ ᠤ ᠭᠦᠮᠤᠨ ᠨᠢᠭᠡ ᠪᠦᠷᠢ ᠶᠢᠨ ᠳᠠᠨᠢᠯᠳᠠ ᠲᠡᠶ ᠬᠤᠯᠪᠣᠠᠠᠳᠠᠬᠤ ᠠᠰᠠᠭᠤᠳᠠᠯ ᠪᠣᠯᠤᠨ᠎ᠡ᠃ ᠡᠭᠦᠨ ᠳᠤ ᠪᠢᠳᠠ ᠶ‍ᠠᠭᠤᠨ ᠤ ᠣᠷᠢᠤᠨ ᠣᠯᠠᠮᠵᠢᠯᠠᠯᠳᠤ ᠵᠠᠩ ᠵᠠᠩᠰᠢᠯ ᠤᠨ ᠴᠢᠬᠤᠯᠠ ᠴᠢᠨᠠᠷ ᠢ ᠪᠦᠭᠦ ᠠᠷᠠᠤᠨ ᠲᠠᠭᠠᠨ ᠣᠬᠠᠭᠤᠯᠬᠤ ᠴᠢᠬᠤᠯᠠᠳᠠᠢ ᠪᠠᠢ᠌ᠨ᠎ᠠ᠃


ᠵᠤᠭᠢᠶ‍ᠠᠭᠴᠢ ᠶᠢᠨ ᠬᠠᠶ‍ᠢᠭ᠄ ᠭᠠᠬᠠᠢ᠌ᠳᠤ ᠰᠤᠷᠭᠠᠭᠤᠯᠢ

ᠵᠤᠬᠢᠶᠠᠭᠴᠢ᠄ ᠡᠩᠬᠡᠮᠡᠨᠳᠦ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7465
ᠴᠠᠭ᠄ 2010 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ