ᠨᠡᠪᠲᠡᠷᠡᠨ ᠤᠷᠤᠬᠤ
ᠪᠤᠳᠤᠯ ᠤᠨ ᠲᠡᠷᠭᠡᠯ ᠵᠤᠰᠠᠯᠠᠩ

1


ᠳᠡᠭ᠍ᠷᠢ ᠴᠠᠯᠮᠠᠵᠤ ᠣᠰᠤᠨ ᠴᠡᠩᠭᠡᠷᠯᠡᠭᠡᠤᠨ ᠳᠠᠯ᠎ᠠ ᠨᠤᠪ ᠨᠤᠭᠤᠭᠠᠨ ᠃ ᠳᠡᠷᠳᠡᠭᠡᠭᠢ ᠰᠠᠷᠢᠳᠠᠭ ᠲᠤ ᠣᠨᠢᠶᠠᠷ ᠣᠶᠠᠬᠠᠨ ᠳᠠᠳᠠᠭᠠᠤᠨ ᠳᠡᠷᠭᠡᠳᠡᠭᠢ ᠣᠢ ᠳᠤ ᠣᠷᠠᠨ ᠭᠦᠭᠦᠭᠡ ᠳᠤᠩᠭ᠋ᠤᠳᠤᠨ᠎ᠠ ᠃ ᠵᠤᠨ ᠤ ᠵᠠᠰᠠᠯ ᠶᠢᠡᠨ ᠭᠡᠳᠦᠷᠦᠭ᠍ᠰᠡᠨ ᠨᠤᠳᠤᠭ ᠤᠨ ᠮᠢᠨᠢ ᠣᠯᠠᠷᠢᠯ ᠵᠤᠰᠠᠯᠠᠩ ᠤᠨ ᠵᠤᠭ᠎ᠠ ᠳᠠᠭᠠᠨ ᠬᠠᠨᠤᠮᠵᠢᠳᠠᠢ᠌ᠬᠠᠨ ᠰᠠᠭᠠᠳᠠᠯ᠎ᠠ ᠃ ᠳᠠᠯ᠎ᠠ ᠪᠠᠨ ᠮᠠᠨᠠᠭᠰᠠᠨ ᠮᠠᠯᠴᠢᠤᠨ ᠳᠡᠭᠡᠳᠦᠰ ᠡᠴᠡ ᠪᠠᠨ ᠣᠯᠠᠮᠵᠢᠯᠠᠭᠰᠠᠨ ᠣᠳᠤᠷ ᠤᠨ ᠠᠮᠢᠳᠤᠷᠠᠯ ᠶᠢᠡᠨ ᠥᠪᠯᠡᠭ᠍ᠰᠡᠭᠡᠷ ᠂ ᠭᠦᠭ᠍ᠵᠢᠭᠦᠯᠦᠭ᠍ᠰᠡᠭᠡᠷ ᠃ ᠭᠠᠵᠠᠷ ᠣᠰᠤ ᠭᠦᠦᠷ ᠲᠡᠶ᠂ ᠭᠠᠯ ᠤᠨ ᠪᠣᠷᠬᠠᠨ ᠢᠨᠢᠶᠠᠳᠤ ᠲᠡᠶ ᠪᠠᠷ ᠭᠠᠯᠪᠠ ᠳᠤ ᠭᠠᠭᠴᠠᠬᠠᠨ ᠨᠤᠳᠤᠭ ᠶᠢᠡᠨ ᠳᠠᠳᠠ ᠬᠠᠷᠠᠭᠠᠤᠨ ᠪᠠᠶᠠᠰᠤᠨ᠎ᠠ ᠃

ᠰᠠᠤᠠᠭᠢᠯ ᠳᠡᠨᠢ᠌ᠭᠦ ᠨᠤᠳᠤᠭ ᠶᠤᠮ ᠡ ᠭᠡᠵᠤ ᠰᠠᠯᠭᠢ ᠭᠦᠷᠳᠡᠯ᠎ᠡ ᠰᠢᠪᠠᠨᠡᠭᠦ ᠨᠢ ᠶᠠᠭᠤᠳᠠᠢ ᠰᠠᠢ᠌ᠬᠠᠨ ᠃


2


ᠰᠦᠮᠠᠯᠵᠠᠨ ᠬᠠᠷᠠᠭᠳᠠᠬᠤ ᠠᠯᠤᠰ ᠤᠨ ᠪᠠᠷ᠎ᠠ ᠳᠤ ᠰᠡᠭᠦᠳᠡᠭᠡᠨᠡᠨ ᠪᠦᠷᠳᠦᠯᠵᠡᠭᠦ ᠨᠢ ᠨᠡᠭᠦᠳᠡᠯ ᠤᠨ ᠳᠡᠷᠭᠡ ᠪᠠᠢ᠌ᠯ᠎ᠠ ᠃

ᠨᠡᠭᠦᠳᠡᠯ ᠴᠢᠷᠯᠠᠵᠤ ᠨᠤᠳᠤᠭ ᠰᠢᠯᠵᠢᠳᠡᠭ᠌ ᠂ ᠣᠪᠣᠭ᠎ᠠ ᠳᠠᠭᠢᠵᠤ ᠠᠭᠤᠯᠠ ᠣᠰᠤ ᠪᠠᠨ ᠭᠦᠡᠳᠦᠯᠡᠳᠡᠭ᠌ ᠂ ᠣᠢ ᠰᠢᠳᠤᠵᠤ ᠣᠷᠭᠤᠮᠠᠯ ᠡᠪᠠᠰᠤ ᠪᠠᠨ ᠬᠠᠮᠠᠭᠠᠯᠠᠳᠠᠭ ᠠᠭᠤᠤ ᠳᠡᠭᠡᠳᠦᠰ ᠤᠨ ᠮᠢᠨᠢ ᠠᠯᠢ ᠣᠵᠤᠭᠤᠷ ᠤᠨ ᠬᠠᠳᠠᠭᠤ ᠶᠤᠰᠤ ᠭᠤᠷᠢᠮ ᠪᠠᠢ᠌ᠳᠠᠭ ᠬᠣᠢ᠌ᠨ᠎ᠠ ᠂ ᠳᠡᠭᠡᠵᠤ ᠰᠢᠳᠤᠵᠤ ᠵᠢᠷᠤᠮᠯᠡᠳᠠᠭ ᠢᠳᠡᠭᠡᠯ ᠭᠦᠰᠡᠯ ᠴᠤ ᠮᠦᠨ ᠡᠨᠡ ᠪᠢᠯᠠ ᠃

《ᠨᠢ᠋ᠮᠠᠨ ᠵᠢᠰᠤᠮ ᠤᠨ ᠮᠢᠨᠤ ᠪᠠᠶᠠᠨ ᠰᠥᠷᠦᠭ᠌ ᠨᠠᠷᠠ ᠲᠡᠶ ᠳᠠᠯ᠎ᠠ ᠪᠠᠷ ᠡᠭᠦᠯᠡᠨ ᠳᠤᠤᠭᠤᠷ ᠥᠩᠭᠡᠷᠡᠭᠦ ᠶᠤᠮ》 ᠭᠡᠵᠤ ᠮᠠᠯᠴᠢᠨ ᠡᠷ᠎ᠡ ᠶᠢᠨ ᠳᠠᠭᠤᠤ ᠬᠠᠩᠭᠢᠨᠠᠬᠤ ᠳᠤ ᠳᠠᠯ᠎ᠠ ᠴᠤ ᠳᠠᠨᠢ᠌ᠵᠤ ᠂ ᠴᠡᠴᠡᠭ᠌ ᠤᠨ ᠢᠨᠢᠶᠠᠳᠤ ᠴᠡᠭ᠍ᠴᠡᠦᠭᠡᠢ ᠶᠢᠨ ᠪᠦᠵᠢᠭ᠌ ᠱᠠᠩᠨᠠᠬᠤ ᠶᠤᠮ ᠃

ᠬᠤᠷᠳᠤᠨ ᠭᠦᠯᠦᠭ᠌ ᠨᠢ ᠬᠤᠪᠢᠯᠭᠠᠨ ᠠᠵᠢᠨᠠᠢ ᠰᠢᠭ ᠬᠠᠷᠠᠭᠳᠠᠬᠤ ᠳᠤ ᠬᠤᠳᠠᠴᠢ ᠨᠤᠬᠠᠢ ᠨᠢ ᠬᠤᠷᠸ᠎ᠠ ᠶᠢᠨ ᠡᠯᠴᠢᠨ ᠰᠢᠤᠬᠠᠨ ᠳᠡᠭ᠍ᠳᠡᠨ᠎ᠡ ᠃

ᠵᠤᠷᠢᠵᠤ ᠰᠠᠨᠠᠭᠰᠠᠨ ᠵᠤᠰᠠᠯᠠᠩ ᠤᠨ ᠪᠠᠭᠤᠴᠠᠨ ᠳ᠋ᠤᠨᠢ ᠵᠤᠷᠠᠢ᠌ᠵᠤ ᠢᠷᠡᠭ᠍ᠰᠡᠨ ᠵᠠᠮ ᠨᠢ ᠵᠤᠯᠭᠠᠭᠤᠯᠤᠯ᠎ᠠ ᠃

ᠣᠳᠤᠷ ᠤᠨ ᠳᠤᠪᠣ ᠳᠠᠷᠣᠢ᠌ᠬᠠᠨ ᠪᠣᠰᠬᠠᠭᠳᠠᠵᠤ ᠣᠨ ᠵᠢᠯ ᠳᠡᠭᠡᠨ ᠣᠯᠵᠠ ᠣᠮᠤᠭ ᠲᠡᠶ ᠪᠠᠢ᠌ᠬᠤ ᠶᠢ ᠡᠪᠦᠭᠡᠨ ᠮᠠᠯᠴᠢᠨ ᠠᠷᠢᠭᠢ ᠭᠡᠮᠨᠡᠨ ᠰᠠᠴᠤᠯᠢ ᠡᠷᠭᠦᠭᠦ ᠳᠤ ᠳᠦᠷᠪᠡᠨ ᠵᠥᠭ᠌ ᠨᠢ᠋ᠮᠠᠨ ᠵᠤᠪᠭᠢᠰ ᠲᠤ ᠦᠯᠵᠡᠢ ᠪᠠᠯᠭᠡ ᠶᠢᠨ ᠥᠩᠭᠡ ᠮᠡᠳᠡᠭ᠍ᠳᠡᠨ᠎ᠡ ᠃


3


ᠳᠠᠯ᠎ᠠ ᠶᠢᠨ ᠦᠷᠦᠴᠠᠨ ᠳᠤ ᠨᠠᠢ᠌ᠷᠰᠠᠭ ᠢᠨᠢᠶᠠᠳᠤ ᠪᠢᠯᠬᠠᠵᠤ ᠂ ᠳᠠᠩᠰᠤᠭ ᠠᠮᠢᠳᠤᠷᠠᠯ ᠳᠤ ᠨᠠᠠᠳᠢᠨ ᠬᠠᠠᠳᠢᠪ ᠨᠠᠮᠠᠷᠢᠯᠠᠨ᠎ᠠ ᠃

ᠡᠭᠦᠪᠠᠷ ᠳᠡᠭᠦᠪᠠᠷ ᠥᠭᠡᠷ ᠬᠤᠨᠢᠨ ᠰᠥᠷᠦᠭ᠌ ᠪᠠᠯᠴᠢᠵᠤ ᠂ ᠢᠰᠢᠭᠡ ᠬᠤᠷᠠᠭ᠎ᠠ ᠶᠢᠨ ᠡᠷᠭᠡ ᠲᠤᠭᠯᠠᠭᠠᠮ ᠮᠠᠯᠴᠢᠨ ᠭᠦᠮᠤᠨ ᠤ ᠰᠠᠤᠠᠭᠢᠯ ᠢ ᠪᠠᠶᠠᠰᠬᠠᠨ᠎ᠠ ᠃

ᠥᠵᠡᠭᠦ ᠨᠢᠳᠤᠨ ᠤ ᠴᠡᠴᠡᠭᠡᠢ ᠪᠣᠯᠤᠭᠰᠠᠨ ᠡᠳᠡᠭᠡᠷ ᠠᠮᠢᠳᠤ ᠡᠷᠳᠡᠨᠢ ᠮᠠᠨᠢ ᠨᠠᠳᠠ ᠳᠠᠭᠠᠨ ᠭᠡᠷᠡᠭ᠌ ᠲᠡᠶ᠂ ᠪᠢ ᠴᠢᠨᠢ ᠪᠣᠭᠤᠷᠤᠯ ᠳᠠᠯ᠎ᠠ ᠶᠢᠨ ᠶᠢᠡᠨ ᠡᠭᠦᠷᠢᠳᠡ ᠶᠢᠨ ᠡᠵᠡᠨ ᠰᠢᠤ ᠭᠡᠭᠦ ᠣᠭᠰᠠᠭᠠᠳᠠᠨ ᠶᠠᠰᠤᠳᠠᠨ ᠤ ᠬᠠᠯᠠᠭᠤᠨ ᠴᠢᠰᠤ ᠣᠷᠭᠢᠯᠵᠤ ᠳᠠᠯ᠎ᠠ ᠶᠢᠨ ᠭᠦᠨ ᠳᠤ ᠰᠢᠩᠭᠡᠭᠡᠭ᠍ᠰᠡᠨ ᠢ ᠶᠠᠭᠤᠨ ᠥᠭᠦᠯᠡᠭᠦ ᠠᠵᠠᠢ ︕

ᠬᠤᠪᠣᠩᠳᠤ ᠶᠢᠨ ᠪᠣᠯᠠᠭ ᠤᠨ ᠣᠰᠤᠨ ᠳᠤ ᠵᠡᠭᠡᠷ᠎ᠡ ᠶᠢᠨ ᠰᠥᠷᠦᠭ᠌ ᠪᠠᠭᠤᠯ᠎ᠠ ᠃ ᠭᠦᠭᠡᠷᠦᠭᠦᠢ ᠂ ᠵᠢᠷᠦᠭᠡᠨ ᠳᠤᠯᠳᠤ ᠨᠤᠳᠤᠭ ᠤᠨ ᠮᠢᠨᠢ ᠡᠳ᠋ᠯᠡᠭ᠍ᠴᠢ ᠰᠠᠭᠢᠭᠤᠰᠤ ᠴᠢᠨᠢ ᠡᠳᠡᠨᠦᠰ ᠰᠢᠤ ᠭᠡᠮᠡᠨ ᠬᠤᠨᠢᠴᠢᠨ ᠠᠪᠣ ᠦᠷᠦ ᠵᠥᠭᠡᠯᠡᠷᠡᠡ ᠰᠢᠪᠠᠨᠠᠨ ᠳᠡᠭᠦᠨ ᠵᠥᠭ᠌ ᠨᠢᠳᠤ ᠪᠠᠯᠴᠢᠭᠡᠨ᠎ᠡ ᠃

ᠬᠤᠨ ᠤ ᠰᠥᠷᠦᠭ᠌ ᠴᠤ ᠪᠠᠭᠤᠯ᠎ᠠ ᠃ ᠡᠩᠭᠡᠵᠢᠨ ᠤ ᠣᠷᠤᠨ ᠊᠊᠊᠊᠊᠊᠊᠊᠊᠊᠊᠊᠊᠊ ᠮᠤᠩᠭ᠋ᠤᠯ ᠨᠤᠳᠤᠭ ᠤᠨ ᠮᠢᠨᠢ ᠡᠰᠡᠨᠢᠯ ᠭᠦᠭ᠍ᠵᠢᠯ ᠢ ᠳᠤᠩᠬᠠᠭᠯᠠᠵᠤ ᠪᠠᠢ᠌ᠭ᠎ᠠ ᠰᠢᠭ ᠡᠪᠳᠡᠢ᠌ᠭᠡᠨ ᠳᠡᠪᠳᠡᠷᠢᠭᠦ ᠨᠢ ᠨᠢᠳᠤᠨ ᠳᠤ ᠳᠤᠯᠠᠭᠠᠬᠠᠨ ᠂ ᠰᠠᠤᠠᠭᠢᠯ ᠳᠤ ᠳᠡᠨᠢᠭᠦᠭᠡᠨ ᠡ ᠃


4


ᠣᠰᠤᠨ ᠳᠠᠯᠢᠮᠠᠨ ᠵᠢᠷᠤᠭ᠎ᠠ ᠭᠦᠷᠡᠩ ᠵᠢᠷᠪᠢᠰ ᠵᠢᠷᠪᠢᠰ ᠃

ᠣᠬᠠᠭᠠᠨ ᠰᠡᠷᠭᠦᠯᠡᠩ ᠵᠠᠯᠠᠭᠤ ᠡᠷ᠎ᠡ ᠰᠠᠵᠢᠰ ᠰᠠᠵᠢᠰ ᠃

ᠨᠤᠬᠠᠢ ᠪᠣᠤᠷᠯᠠᠭᠤᠯᠤᠨ ᠮᠠᠨ ᠤ ᠵᠠᠯᠠᠭᠤ ᠣᠳᠤᠷ ᠤᠨ ᠠᠢ᠌ᠯ ᠳᠤ ᠭᠦᠷᠴᠤ ᠣᠴᠢᠬᠤ ᠳᠤ ᠨᠠᠷᠠ ᠰᠠᠯᠭᠢᠨ ᠳᠤ ᠥᠨᠦᠰᠦᠭ᠍ᠳᠡᠨ ᠢᠯᠪᠢᠭ᠍ᠳᠡᠭ᠍ᠰᠡᠭᠡᠷ ᠬᠠᠷᠠᠯᠠᠵᠤ ᠪᠣᠷᠤᠯᠠᠭᠰᠠᠨ ᠭᠦᠳᠡᠷ ᠡᠷ᠎ᠡ ᠣᠭᠳᠤᠵᠤ ᠠᠪᠣᠯ᠎ᠠ ᠃

ᠢᠷᠡᠭ᠍ᠰᠡᠨ ᠵᠤᠴᠢᠨ ᠳᠠᠭᠠᠨ ᠣᠭᠳᠤᠭᠰᠠᠨ ᠡᠵᠡᠨ ᠨᠢ ᠴᠠᠢ ᠣᠰᠤ ᠣᠢ᠌ᠷᠠᠳᠤᠭᠤᠯᠤᠨ ᠴᠠᠭᠠᠨ ᠢᠳᠡᠭᠡ ᠦᠷᠦᠨ᠎ᠠ ᠃

ᠣᠪᠣᠭᠠᠨ ᠨᠠᠢ᠌ᠷ ᠴᠤ ᠣᠢ᠌ᠷᠠᠳᠤᠯ᠎ᠠ ᠭᠡᠵᠤ ᠵᠤᠭᠤᠭ ᠡᠭᠢᠯᠡᠨ ᠠᠯᠢ ᠨᠤᠳᠤᠭ ᠤᠨ ᠪᠦᠭᠡ ᠥᠵᠦᠭᠦᠷᠯᠡᠵᠤ ᠬᠠᠮᠢᠭᠠᠭᠢ ᠭᠠᠵᠠᠷ ᠤᠨ ᠮᠤᠷᠢ ᠳᠦᠷᠦᠭᠦᠯᠭᠦ ᠶᠢ ᠳᠠᠭᠠᠮᠠᠭᠯᠠᠨ ᠬᠤᠶᠠᠷ ᠡᠷ᠎ᠡ ᠭᠠᠩᠭ᠋ᠠᠷ ᠭᠤᠩᠭ᠋ᠤᠷ ᠶᠠᠷᠢᠯᠴᠠᠨ᠎ᠠ ᠃

ᠡᠷᠳᠡ ᠳᠡᠭᠡᠳᠤ ᠶᠢᠨ ᠦᠶ᠎ᠡ ᠡᠴᠡ ᠮᠤᠩᠭ᠋ᠤᠯ ᠭᠦᠮᠤᠨ ᠡᠷ᠎ᠡ ᠶᠢᠨ ᠰᠠᠢ᠌ᠨ ᠢ ᠪᠢᠰᠢᠷᠠᠨ ᠭᠦᠯᠦᠭ᠌ ᠤᠨ ᠬᠤᠷᠳᠤᠨ ᠢ ᠪᠠᠬᠠᠷᠬᠠᠵᠤ ᠳᠡᠭ᠍ᠷᠢ ᠨᠤᠷᠠᠵᠤ ᠳᠠᠯᠠᠢ ᠶᠡᠭᠦᠯᠡᠭᠦ ᠰᠦᠷ ᠶᠢᠡᠷ ᠮᠤᠷᠢᠳᠠᠨ ᠠᠷᠠᠤᠨ ᠤᠨ ᠭᠡᠢ᠌ᠮᠦᠷᠢ ᠶᠢ ᠮᠥᠩᠭᠡ ᠳᠠᠭ᠍ᠷᠢ ᠶᠢᠨ ᠳᠤᠤᠷ᠎ᠠ ᠰᠡᠷᠭᠦᠭᠡᠵᠤ ᠶᠠᠪᠣᠭᠰᠠᠨ ᠣᠴᠢᠷ ᠡᠴᠡ ᠮᠤᠷᠢ ᠂ ᠪᠦᠭᠡ ᠭᠡᠭ᠍ᠰᠡᠭᠡᠷ ᠵᠢᠪᠬᠤᠭ᠎ᠠ ᠰᠡᠷᠭᠦᠭᠦ ᠨᠢ ᠣᠴᠢᠷᠳᠠᠢ᠌ᠬᠠᠨ ᠃


5


ᠳᠦᠯᠭᠡᠭᠡᠨ ᠣᠷᠤᠰᠬᠠᠯᠳᠤ ᠳᠦᠪᠳᠠᠢ ᠶᠢᠨ ᠭᠤᠤᠯ ᠤᠨ ᠳᠠᠠᠵᠢᠨ ᠳᠤ ᠦᠳᠡᠰᠢ ᠶᠢᠨ ᠭᠦᠰᠢᠭᠡ ᠠᠯᠭᠤᠷᠬᠠᠨ ᠪᠠᠭᠤᠯ᠎ᠠ ᠃

ᠰᠠᠷ ᠰᠠᠷ ᠰᠠᠯᠭᠢ ᠵᠢᠷᠦᠭᠡ ᠦᠨᠦᠰᠤᠨ ᠰᠡᠪᠠᠭᠦᠨ ᠨᠤᠭᠤᠭᠠᠨ ᠤ ᠦᠨᠦᠷ ᠴᠡᠭᠡᠵᠢ ᠨᠠᠪᠳᠠᠯᠤᠨ᠎ᠠ ᠃

ᠠᠳᠤᠭᠤᠴᠢᠨ ᠵᠠᠯᠠᠭᠤ ᠶᠢᠨ ᠢᠰᠭᠡᠷᠦᠯᠳᠡ ᠳᠤ ᠠᠳᠤᠭᠤᠨ ᠰᠥᠷᠦᠭ᠌ ᠬᠣᠢ᠌ᠯᠠᠷᠠᠨ ᠣᠨᠠᠭ᠎ᠠ ᠰᠠᠷᠪᠠ ᠥᠭᠡᠳᠡ ᠣᠷᠤᠭᠤ ᠰᠤᠯᠪᠢᠴᠠᠨ ᠬᠤᠯᠭᠢᠵᠤ ᠥᠤᠷᠰᠠᠨ ᠢᠠᠴᠠᠭᠠᠨ᠎ᠠ ᠃

ᠣᠳᠠᠰᠭᠢᠭᠠᠤᠨ ᠄

《 ᠮᠢᠩᠭ᠋ᠠᠠᠴᠢ ᠣᠯᠠᠨ ᠠᠳᠤᠭᠤᠨ ᠤ ᠳᠤᠮᠳᠠ ᠡᠴᠡ

ᠮᠠᠩᠨᠠᠢ ᠬᠠᠯᠵᠠᠨ ᠮᠠᠩᠬᠠᠨ ᠰᠢᠷᠭ᠎ᠠ ᠮᠢᠨᠢ ᠳᠦᠷᠦᠭᠦᠯᠦᠭᠡᠤᠨ ᠢᠷᠠᠯ᠎ᠠ ᠭᠦᠢ ᠂

ᠮᠢᠩᠭ᠋ᠠᠠᠴᠢ ᠣᠯᠠᠨ ᠭᠦᠮᠤᠨ ᠤ ᠳᠤᠮᠳᠠ ᠡᠴᠡ

ᠮᠢᠨᠤ ᠵᠢᠷᠦᠭᠡᠨ ᠤ ᠪᠢᠴᠢᠬᠠᠨ ᠳᠠᠷᠠ ᠮᠢᠨᠢ ᠳᠤᠷᠮᠣᠢ᠌ᠵᠤ ᠬᠠᠷᠠᠭᠳᠠᠨ᠎ᠠ ᠭᠦᠢ 》 ᠭᠡᠵᠤ ᠨᠠᠮ ᠠᠶᠠᠯᠠᠭᠤᠯᠤᠭᠠᠤᠨ ᠪᠣᠯᠵᠤᠭᠠᠨ ᠳᠠᠭᠠᠨ ᠶᠠᠭᠠᠷᠠᠭᠰᠠᠨ ᠳᠡᠭᠦᠨ ᠤ ᠰᠠᠤᠠᠭᠢᠯ ᠳᠡᠷᠳᠡᠭᠡ ᠵᠥᠭ᠌ ᠳᠠᠮᠠᠤᠯᠠᠨ᠎ᠠ ᠃


6


ᠰᠦᠨᠢ ᠰᠠᠪ ᠰᠠᠷᠠᠭᠤᠯ ᠃

ᠳᠠᠯ᠎ᠠ ᠳᠠᠪ ᠳᠡᠨᠢᠭᠡᠷ ᠃

ᠰᠠᠯᠭᠢᠨ ᠤ ᠠᠶ᠎ᠠ ᠳᠤ ᠡᠪᠠᠰᠤᠨ ᠣᠷᠤᠢ ᠳᠤᠭᠢᠯᠵᠠᠨ᠎ᠠ ᠂ ᠮᠠᠨᠠᠭᠠᠨ ᠤ ᠵᠢᠷᠭᠠᠯ ᠳᠤ ᠠᠳᠤᠭᠤᠴᠢᠨ ᠡᠷ᠎ᠡ ᠰᠤᠭᠳᠤᠭᠤᠷᠠᠨ᠎ᠠ ᠃

ᠪᠣᠮᠠᠨ ᠣᠳᠤᠳ ᠳᠡᠭ᠍ᠷᠢ ᠪᠠᠨ ᠦᠨᠦᠰᠤᠨ᠎ᠠ ᠂ ᠪᠣᠭᠤᠷᠤᠯ ᠠᠭᠤᠯᠠᠰ ᠡᠭᠦᠯᠡᠰ ᠢ ᠰᠠᠭᠠᠨ᠎ᠠ ᠃ ᠣᠳᠤ ᠂ ᠰᠤᠨᠢᠭᠤᠴᠠᠯ ᠳᠦᠷᠦᠭᠦᠯᠵᠤ ᠠᠯᠢᠶ᠎ᠠ ᠭᠡᠦᠭᠡᠤᠨ ᠤᠨ ᠨᠢᠳᠤ ᠰᠢᠭ᠌ ᠠᠨᠢᠪᠠᠯᠵᠠᠬᠤ ᠳᠤ᠂ ᠠᠭᠤᠯᠠᠰ ᠂ ᠳᠤᠤᠯᠢᠰ ᠬᠠᠢ᠌ᠯᠵᠤ ᠵᠠᠩᠭ᠋ᠠᠷᠴᠢ ᠡᠪᠦᠭᠡᠨ ᠤ ᠳᠦᠷᠭᠦ ᠰᠢᠭ᠌ ᠳᠦᠩᠭᠦᠢ᠌ᠨ᠎ᠡ ᠃

ᠰᠠᠤᠠᠭᠢᠯ ᠳᠡᠨᠢ᠌ᠭᠦ ᠨᠤᠳᠤᠭ ᠶᠤᠮ ᠡ ᠭᠡᠵᠤ ᠰᠠᠯᠭᠢ ᠭᠦᠷᠳᠡᠯ᠎ᠡ ᠰᠢᠪᠠᠨᠡᠭᠦ ᠨᠢ ᠶᠠᠭᠤᠳᠠᠢ ᠰᠠᠢ᠌ᠬᠠᠨ ᠃

ᠵᠤᠬᠢᠶᠠᠭᠴᠢ᠄ ᠮᠠᠨᠳᠤᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6167
ᠴᠠᠭ᠄ 2007 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ