ᠨᠡᠪᠲᠡᠷᠡᠨ ᠤᠷᠤᠬᠤ
ᠮᠤᠳᠤᠨ ᠤ ᠳᠤᠷᠠᠳᠬᠠᠯ ᠤᠳ

ᠦᠴᠦᠭᠡᠳᠦᠷ ᠪᠢ ᠬᠠᠵᠠᠭᠤ ᠪᠠᠷ ᠴᠢᠨᠢ ᠥᠩᠭᠡᠷᠡᠭᠦ ᠳ᠋ᠤ

ᠥᠯᠦᠰᠭᠦᠯᠡᠩ ᠴᠢᠨ᠋ᠸ᠎ᠠ ᠰᠢᠭ ᠳᠠᠮᠤᠷ ᠭᠢᠷᠦᠭᠡ

ᠦᠯᠦᠨ ᠴᠢᠳᠭᠦᠷ ᠰᠢᠭ ᠭᠡᠳᠤᠨ ᠭᠦᠮᠤᠨ

ᠣᠭ ᠡᠴᠠ ᠴᠢᠨᠢ ᠴᠢᠮ᠎ᠠ ᠶᠢ ᠣᠭᠳᠤᠯᠵᠤ ᠪᠠᠢ᠌ᠭᠰᠠᠨ

ᠴᠠᠭᠢᠯᠭᠠᠨ ᠵᠢᠷᠦᠭᠡᠨ ᠤ ᠬᠤᠷᠴᠠ ᠠᠷᠠᠭ᠎ᠠ

ᠴᠢᠩ ᠡᠴᠠ ᠴᠤ ᠦᠨᠳᠦᠷ ᠨᠠᠰᠤᠳᠠᠢ ᠴᠢᠮ᠎ᠠ ᠶᠢ ᠣᠳᠤᠯᠬᠤ ᠳ᠋ᠤ

ᠴᠢᠭᠢᠨ ᠭᠡᠩᠭᠡᠷᠭᠡ ᠳᠡᠯᠪᠠᠷᠡᠭᠦᠯᠳᠡᠯ᠎ᠡ ᠴᠢᠷᠠᠯᠠᠵᠤ ᠪᠠᠢ᠌ᠭᠰᠠᠨ ᠶᠤᠮ

ᠬᠠᠭᠢᠷ ᠡᠪᠦᠯ ᠤᠨ ᠭᠦᠢᠳᠡᠨ ᠵᠢᠪᠠᠷ ᠳᠤ

ᠬᠠᠴᠠᠷ ᠶᠢᠡᠨ ᠵᠢᠮᠭᠢᠨᠡᠭᠦᠯᠦᠭᠡᠳ ᠪᠢ ᠪᠠᠭᠡᠷᠡᠵᠤ ᠶᠠᠪᠣᠭᠰᠠᠨ ᠶᠤᠮ᠃


ᠳᠠᠪᠠᠷᠢ ᠳᠤ ᠪᠠᠭᠳᠠᠬᠤ ᠦᠭᠡᠶ ᠪᠦᠳᠦᠭᠦᠨ ᠳᠤ ᠴᠢᠨᠢ

ᠵᠠᠭᠤᠨ ᠣᠷᠳᠤ ᠰᠠᠨᠠᠭᠳᠠᠭᠰᠠᠨ ᠴᠤ ᠳᠠᠩᠴᠤ ᠣᠬᠤᠷ ᠢ ᠨᠢ ᠮᠡᠳᠡᠷᠡᠭ᠍ᠰᠡᠨ

ᠳᠡᠷᠭᠡᠳᠡ ᠳᠤ ᠨᠢ ᠪᠢ ᠵᠥᠪᠭᠡᠨ ᠨᠢᠳᠤ ᠠᠨᠢᠰᠬᠤ ᠬᠤᠷᠤᠮ ᠪᠠᠢ᠌ᠭᠰᠠᠨ

ᠳᠡᠭ᠍ᠷᠢ ᠶᠢᠨ ᠨᠠᠷᠠᠨ ᠴᠢᠮ᠎ᠠ ᠳᠡᠭᠡᠷ᠎ᠡ ᠳᠤᠰᠴᠤ

ᠳᠡᠯᠭᠡᠷ ᠨᠠᠮᠠᠭᠠᠨ ᠡᠴᠠ ᠴᠢᠨᠢ ᠰᠢᠪᠠᠭᠤᠳ ᠵᠢᠷᠭᠢᠭᠦ ᠳ᠋ᠤ

ᠳᠠᠰᠤᠭᠰᠠᠨ ᠠᠮᠠᠷᠠᠭ ᠨᠠᠢ᠌ᠵᠠ ᠲᠡᠶ ᠪᠠᠨ ᠳᠠᠠᠳᠠ ᠡᠴᠠ ᠰᠠᠯᠤᠯᠴᠠᠭᠰᠠᠨ

ᠳᠡᠯᠡᠭᠡᠢ ᠳᠠᠩᠴᠤ ᠭᠤᠶᠤ ᠳᠠᠩᠳᠠ ᠵᠤᠨ ᠶᠢᠡᠷ ᠵᠢᠠᠨ

ᠳᠠᠷᠠ ᠦᠶ᠎ᠡ ᠳᠤ ᠪᠢ ᠬᠠᠮᠤᠭ ᠵᠢᠷᠭᠠᠯ ᠲᠡᠶ ᠪᠠᠢ᠌ᠭᠰᠠᠨ᠃


ᠦᠨᠦᠳᠤᠷ ᠪᠢ ᠬᠠᠵᠠᠭᠤ ᠪᠠᠷ ᠴᠢᠨᠢ ᠥᠩᠭᠡᠷᠡᠵᠤ ᠶᠠᠪᠣᠨ᠎ᠠ

ᠥᠶᠡᠷᠭᠡᠵᠤ ᠶᠠᠪᠣᠭᠰᠠᠨ ᠡᠳᠦᠷ ᠬᠤᠨᠤᠭ ᠤᠳ

ᠦᠨᠳᠦᠷ ᠮᠤᠳᠤ ᠲᠡᠶ ᠴᠤᠭ ᠡᠯᠦᠢ ᠬᠤᠯᠤᠢ᠃

ᠦᠯᠠᠳᠠᠵᠤ ᠬᠤᠴᠤᠷᠤᠭᠰᠠᠨ ᠴᠢᠨᠤ ᠢᠷᠤᠭᠠᠷ

ᠭᠠᠵᠠᠷ ᠤᠨ ᠳᠠᠮᠠᠭ᠎ᠠ ᠪᠣᠯᠤᠨ ᠭᠦᠷᠦᠰᠤ ᠬᠠᠳᠬᠤᠨ᠎ᠠ

ᠥᠨᠡᠷᠭᠡᠵᠤ ᠭᠡᠯᠡᠭ᠍ᠰᠡᠨ ᠭᠠᠭᠴᠠ ᠬᠤᠶᠠᠷ ᠥᠭᠡᠰ

ᠦᠨᠦᠴᠢᠷᠠᠵᠤ ᠡᠵᠡᠭᠦᠢᠷᠡᠭ᠍ᠰᠡᠨ ᠰᠡᠳᠭᠢᠯ ᠢ ᠬᠠᠭᠤᠷᠠᠨ᠎ᠠ᠃


ᠵᠤᠬᠢᠶᠠᠭᠴᠢ ᠶᠢᠨ ᠬᠠ‍‌ᠶᠢᠭ ᠄ ᠣᠷᠳᠤᠰ

ᠵᠤᠬᠢᠶᠠᠭᠴᠢ᠄ ᠴᠡᠯᠡᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2646
ᠴᠠᠭ᠄ 2011 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ