ᠨᠡᠪᠲᠡᠷᠡᠨ ᠤᠷᠤᠬᠤ
ᠤᠯᠠᠭᠠᠨ ᠪᠠᠩᠵᠠᠯ ᠲᠡᠶ ᠭᠡᠦᠭᠡᠨ

ᠣᠯᠠᠭᠠᠨ ᠪᠠᠩᠵᠠᠯ ᠲᠡᠶ ᠭᠡᠦᠭᠡᠨ ᠳᠠᠢ

ᠠᠭᠤᠳᠠᠮ ᠳᠠᠯᠠᠪᠠᠢ ᠳᠡᠭᠡᠷ᠎ᠡ ᠣᠴᠠᠷᠠᠪᠠ᠃

ᠣᠴᠢᠷ ᠣᠬᠠᠭᠠᠨ ᠶᠢᠡᠨ ᠣᠯᠤᠭᠰᠠᠨ ᠥᠭᠡᠢ

ᠣᠳᠠᠳᠠᠯ᠎ᠠ ᠪᠠᠬᠠᠨ ᠵᠤᠭᠰᠤᠯᠴᠠᠪᠠ᠃


ᠣᠯᠠᠭᠠᠨ ᠪᠠᠩᠵᠠᠯ ᠳᠡᠢ ᠭᠡᠦᠭᠡᠨ ᠳᠠᠢ

ᠰᠦᠷᠴᠢᠭᠦ ᠣᠰᠤᠨ ᠤ ᠭᠦᠪᠠᠭᠡᠨ ᠳᠤ ᠠᠭᠤᠯᠵᠠᠪᠠ᠃

ᠰᠦᠨ ᠴᠠᠭᠠᠨ ᠰᠠᠤᠭᠢᠯ ᠶᠢᠡᠨ ᠰᠤᠯᠢᠯᠴᠠᠭᠰᠠᠨ ᠥᠭᠡᠢ

ᠰᠦᠷᠡᠭᠡᠢ ᠣᠳᠠᠳᠠᠯ᠎ᠠ ᠬᠠᠷᠠᠯᠴᠠᠪᠠ᠃


ᠣᠯᠠᠭᠠᠨ ᠪᠠᠩᠵᠠᠯ ᠳᠡᠢ ᠭᠡᠦᠭᠡᠨ ᠳᠠᠢ

ᠣᠯᠠᠨ ᠣᠳᠠᠭ᠎ᠠ ᠵᠤᠯᠭᠠᠪᠠ᠃

ᠣᠳᠠᠰᠤᠨ ᠨᠤᠮᠸᠷ ᠢ ᠨᠢ ᠠᠪᠴᠤ ᠵᠠᠪᠳᠤᠯ ᠥᠭᠡᠢ

ᠠᠮᠠ ᠪᠠᠨ ᠪᠠᠷᠢᠭᠠᠤᠨ ᠭᠡᠮᠰᠢᠪᠡ᠃


ᠣᠯᠠᠭᠠᠨ ᠪᠠᠩᠵᠠᠯ ᠳᠡᠢ ᠭᠡᠦᠭᠡᠨ ᠳᠠᠢ

ᠣᠴᠠᠷᠠᠬᠤ ᠪᠣᠯᠭᠠᠨ ᠢᠨᠢᠶᠡᠮᠰᠦᠭᠯᠡᠪᠡ᠃

ᠣᠷᠬ᠎ᠠ ᠳᠡᠭᠡᠰᠤ ᠪᠠᠨ ᠬᠠᠶᠠᠭᠠᠤᠨ

ᠥᠭ᠍ᠶ‍ᠦᠭᠡ ᠦᠷᠦᠭᠡ ᠪᠠᠨ ᠪᠠᠯᠡᠦᠭᠡᠪᠡ᠃


ᠣᠯᠠᠭᠠᠨ ᠪᠠᠩᠵᠠᠯ ᠳᠡᠢ ᠭᠡᠦᠭᠡᠨ

ᠠᠷᠤ ᠡᠴᠡ ᠳᠠᠭᠠᠭᠠᠤᠨ ᠰᠣᠢ᠌ᠤᠨ ᠪᠣᠯᠪᠠ᠃

ᠠᠭᠤᠵᠢᠭᠤ ᠰᠠᠭᠤᠭᠠᠤᠨ ᠵᠤᠭᠤᠭᠳᠠᠬᠤ ᠪᠠᠷ

ᠣᠴᠢᠷ ᠲᠡᠶ ᠰᠠᠢ᠌ᠬᠠᠨ ᠶᠠᠪᠣᠳᠠᠯ ᠪᠣᠯᠪᠠ᠁



ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12317
ᠴᠠᠭ᠄ 2012 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ