☆ ᠨᠠᠮᠵᠢᠯ ᠤᠨ ᠮᠥᠩᠭᠡᠪᠠᠶᠡᠷ
ᠠᠦ᠋ᠲ᠋ᠤᠪᠦ᠋ᠰ ᠪᠠ ᠮᠢᠨᠤ ᠠᠮᠢᠳᠤᠷᠠᠯ
ᠠᠦ᠋ᠲ᠋ᠤᠪᠦ᠋ᠰ ᠲᠤ ᠰᠠᠭᠤᠭᠠᠤᠨ ᠠᠵᠢᠯ ᠳᠤ ᠪᠠᠨ ᠭᠠᠷᠤᠨ᠎ᠠ
ᠠᠵᠢᠯ ᠪᠠᠭᠤᠪᠠᠯ ᠠᠦ᠋ᠲ᠋ᠤᠪᠦ᠋ᠰ ᠶᠢᠡᠷ ᠬᠠᠷᠢᠨ᠎ᠠ
ᠠᠦ᠋ᠲ᠋ᠤᠪᠦ᠋ᠰ ᠡ᠊ᠨᠳᠡ ᠡᠴᠡ ᠭᠠᠷᠤᠭᠠᠤᠨ ᠳᠠᠠᠳᠠ ᠭᠦᠷᠦᠨ᠎ᠡ
ᠪᠢ ᠥᠷᠯᠦᠭᠡ ᠭᠠᠷᠤᠭᠠᠤᠨ ᠣᠷᠤᠢ ᠪᠣᠴᠠᠨ᠎ᠠ
ᠠᠦ᠋ᠲ᠋ᠤᠪᠦ᠋ᠰ ᠡᠳᠦᠷ ᠡᠳᠦᠷ ᠬᠠᠭᠤᠴᠢᠨ ᠵᠠᠮ ᠶᠢᠡᠷ ᠶᠢᠡᠨ ᠳᠠᠪᠭᠢᠨ᠎ᠠ
ᠥᠷᠳᠡᠭᠡ ᠳᠠᠮᠵᠢᠨ ᠰᠢᠨ᠎ᠠ ᠠᠮᠢᠳᠤᠷᠠᠯ ᠳᠡᠭᠡᠭᠡᠨᠡ
ᠪᠢ ᠡᠳᠦᠷ ᠡᠳᠦᠷ ᠰᠢᠨ᠎ᠠ ᠠᠮᠢᠳᠤᠷᠠᠯ ᠶᠢᠡᠨ ᠡᠭᠢᠯᠡᠨ᠎ᠡ
ᠮᠠᠷᠭᠠᠰᠢ ᠪᠣᠯᠬᠤ ᠳᠤ ᠠᠷᠤ ᠳᠤ ᠥᠯᠡᠳᠡᠭᠡᠳ ᠳᠤᠷᠠᠳᠬᠠᠯ ᠪᠣᠯᠤᠨ᠎ᠠ
ᠠᠦ᠋ᠲ᠋ᠤᠪᠦ᠋ᠰ ᠡ᠊ᠨᠳᠡ ᠡᠴᠡ ᠳᠠᠠᠳᠠ ᠭᠦᠷᠳᠡᠯ᠎ᠡ ᠥᠷᠳᠡᠭᠡ ᠬᠤᠷᠢᠶᠠᠨ᠎ᠠ
ᠪᠢ ᠦᠨᠦᠳᠤᠷ ᠡᠴᠡ ᠢᠷᠡᠭᠡᠳᠦᠢ ᠣᠷᠤᠭᠤ ᠠᠮᠢᠳᠤᠷᠠᠯ ᠢ ᠣᠬᠠᠭᠠᠷᠠᠨᠠ
《ᠭᠢᠯᠢᠴᠢᠳ》 2009᠂ 8
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2672
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ