☆ ᠪᠠᠶᠠᠭᠤᠳ ᠰᠦᠷ
ᠵᠡᠭᠦᠳᠤᠨ ᠳᠤ ᠬᠤᠨᠤᠭᠰᠢᠭᠰᠠᠨ ᠨᠤᠳᠤᠭ ᠮᠢᠨᠢ
ᠴᠡᠩᠭᠡᠷ ᠮᠠᠨᠠᠨ ᠭᠦᠰᠢᠭᠯᠡᠭ᠍ᠳᠡᠭ᠍ᠰᠡᠨ
ᠨᠤᠳᠤᠭ ᠤᠨ ᠨᠤᠭᠤᠭᠠᠨ ᠣᠢ ᠮᠢᠨᠢ
ᠴᠡᠪᠠᠷᠭᠡᠨ ᠳᠠᠯᠪᠢ ᠪᠠᠨ ᠨᠢᠭᠤᠭᠰᠠᠨ
ᠴᠡᠴᠡᠭᠡᠰ ᠤᠨ ᠮᠢᠩᠭ᠋ᠠᠨ ᠴᠤᠮᠤᠷᠯᠢᠭ ᠮᠢᠨᠢ
ᠤᠶᠠᠩᠭ᠎ᠠ ᠳᠠᠭᠤᠤ ᠪᠠᠷ ᠬᠠᠢ᠌ᠯᠤᠭᠰᠠᠨ
ᠣᠷᠤᠰᠬᠠᠯ ᠣᠰᠤᠨ ᠤ ᠱᠤᠤᠭᠢᠶ᠎ᠠ ᠮᠢᠨᠢ
ᠣᠨᠠᠭᠠᠨ ᠳᠠᠭᠤ ᠪᠠᠷ ᠥᠣᠷᠰᠡᠭ᠍ᠰᠡᠨ
ᠬᠤᠯᠠᠨ ᠳᠠᠭᠢ ᠶᠢᠨ ᠰᠥᠷᠦᠭ᠌ ᠮᠢᠨᠢ
ᠭᠠᠯᠠᠭᠤ ᠰᠢᠪᠠᠭᠤ ᠭᠠᠩᠨᠠᠯᠳᠤᠭᠰᠠᠨ
ᠭᠠᠩᠭ᠋ᠠᠩ ᠴᠠᠭᠠᠨ ᠨᠠᠭᠤᠷ ᠮᠢᠨᠢ
ᠭᠠᠵᠠᠷ ᠤᠨ ᠬᠤᠯᠠ ᠡᠴᠡ ᠪᠦᠷᠳᠦᠯᠵᠡᠭ᠍ᠰᠡᠨ
ᠡᠰᠡᠷᠡᠭ᠌ ᠣᠪᠣᠭᠠᠨ ᠤ ᠪᠠᠷ᠎ᠠ ᠮᠢᠨᠢ
ᠰᠦ᠋ ᠪᠠᠨ ᠡᠷᠭᠦᠭᠡᠳ ᠬᠤᠴᠤᠷᠠᠭᠰᠠᠨ
ᠰᠠᠮᠭᠠᠨ ᠪᠣᠭᠤᠷᠤᠯ ᠡᠵᠢ ᠮᠢᠨᠢ
ᠰᠥᠷᠦᠭ᠌ ᠶᠢᠡᠨ ᠳᠠᠰᠤ ᠬᠤᠷᠢᠶᠠᠭᠰᠠᠨ
ᠠᠳᠤᠭᠤᠴᠢᠨ ᠮᠤᠩᠭ᠋ᠤᠯ ᠠᠪᠣ ᠮᠢᠨᠢ
ᠪᠣᠷᠭᠠᠰᠤᠨ ᠮᠤᠷᠢ ᠪᠠᠨ ᠵᠠᠢ᠌ᠳᠠᠯᠠᠭᠰᠠᠨ
ᠠᠯᠢᠶ᠎ᠠ ᠰᠢᠷ᠎ᠠ ᠭᠦᠤ ᠮᠢᠨᠢ
ᠪᠣᠷᠪᠢᠨ ᠳᠤ ᠨᠢ ᠨᠠᠭᠠᠯᠳᠤᠵᠤ ᠳᠤᠭᠯᠠᠳᠠᠭ
ᠬᠠᠷ᠎ᠠ ᠬᠠᠯᠵᠠᠨ ᠬᠤᠷᠠᠭ᠎ᠠ ᠮᠢᠨᠢ
ᠬᠠᠢ᠌ᠷ᠎ᠠ ᠬᠠᠢ᠌ᠷ᠎ᠠ ᠪᠠᠷ ᠬᠤᠯᠪᠣᠯᠳᠤᠭᠰᠠᠨ
ᠨᠤᠳᠤᠭ ᠤᠨ ᠪᠣᠷᠤ ᠳᠤᠯᠤᠭᠠᠤᠨ ᠮᠢᠨᠢ
ᠬᠤᠯᠠ ᠶᠢᠨ ᠬᠤᠯᠠ ᠡᠴᠠ ᠰᠤᠨᠤᠯᠵᠠᠭᠰᠠᠨ
ᠳᠠᠯ᠎ᠠ ᠶᠢᠨ ᠰᠢᠷ᠎ᠠ ᠵᠠᠮ ᠮᠢᠨᠢ
ᠭᠡᠢ᠌ᠮᠦᠷᠢ ᠰᠡᠷᠭᠦᠭᠡᠵᠤ ᠪᠣᠰᠳᠠᠭ
ᠣᠩᠭ᠋ᠤᠨ ᠰᠦᠯᠳᠡ ᠶᠢᠨ ᠣᠪᠣᠭ᠎ᠠ ᠮᠢᠨᠢ
ᠭᠡᠰᠢᠭ᠌ ᠬᠤᠷᠣᠢ᠌ᠯᠠᠵᠤ ᠳᠠᠯᠠᠯᠳᠠᠭ
ᠨᠤᠳᠤᠭ ᠤᠨ ᠰᠢᠳᠦᠭᠡᠨ ᠬᠠᠢ᠌ᠷᠬᠠᠨ ᠮᠢᠨᠢ
ᠬᠤᠷᠸ᠎ᠠ ᠳᠤ ᠠᠩᠬ᠎ᠠ ᠵᠠᠶᠠᠭᠠᠬᠤ ᠳ᠋ᠤ
ᠬᠠᠢ᠌ᠷ᠎ᠠ ᠪᠠᠷ ᠳᠤᠰᠤᠭᠰᠠᠨ ᠨᠤᠳᠤᠭ ᠮᠢᠨᠢ
ᠳᠤᠷᠠᠰᠤᠯ ᠤᠨ ᠮᠦᠩᠭᠦᠨ ᠢᠷᠦᠭᠡᠯ ᠵᠢᠠᠨ
ᠳᠠᠨ ᠳᠤ ᠪᠠᠨ ᠭᠡᠵᠤ ᠡᠷᠭᠦᠵᠤ ᠪᠠᠢ᠌ᠨ᠎ᠠ᠃
ᠭᠦᠢ ᠶᠢ ᠳᠠᠰᠤᠯᠵᠤ ᠦᠭᠭᠦᠭ᠍ᠰᠡᠨ
ᠨᠤᠳᠤᠭ ᠤᠨ ᠪᠣᠷᠤ ᠴᠢᠯᠠᠭᠤᠳ ᠮᠢᠨᠢ
ᠡᠩᠭᠡ ᠶᠢᠨ ᠴᠠᠭᠠᠨ ᠬᠠᠳᠠᠭ ᠵᠢᠠᠨ
ᠡᠷᠭᠢᠮ ᠳᠠᠨ ᠳᠤ ᠪᠠᠨ ᠡᠷᠭᠦᠵᠤ ᠪᠠᠢ᠌ᠨ᠎ᠠ᠃
ᠵᠤᠭᠢᠶᠠᠭᠴᠢ ᠶᠢᠨ ᠬᠠᠶᠢᠭ ᠄ ᠵᠡᠭᠦᠨ ᠪᠠᠭᠠᠷᠢᠨ
ᠵᠤᠬᠢᠶᠠᠭᠴᠢ᠄ ᠪᠠᠶᠠᠭᠤᠳ ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ