☆ ᠸᠠᠩ ᠼᠠᠢ ᠬᠤᠧᠨ
ᠳᠠᠪᠣᠠᠴᠠᠭᠠᠨ ᠤ ᠰᠢ᠌ᠦᠡᠭᠡᠯ
ᠶᠠᠷᠤ ᠳᠡᠭᠡᠨ ᠵᠥᠭᠡᠷ ᠭᠡᠪᠳᠡᠳᠡᠭ᠌ ᠵᠠᠩᠰᠢᠯ ᠲᠡᠶ ᠵᠤᠩᠳᠤᠤ ᠡᠪᠦᠭᠡᠨ ᠵᠤᠨ ᠤ ᠵᠢᠷᠭᠤᠭᠠᠨ ᠰᠠᠷ᠎ᠠ ᠪᠣᠯᠤᠭᠰᠠᠭᠠᠷ ᠯᠠ ᠣᠠᠴᠤᠭᠤᠢ ᠶᠠᠭᠠᠷᠠᠵᠤ ᠡᠭᠢᠯᠡᠳᠡᠭ᠌ ᠰᠠᠨ᠃ ᠣᠢ᠌ᠷ᠎ᠠ ᠶᠢᠨ ᠭᠡᠳᠤᠨ ᠡᠳᠦᠷ᠂ ᠳᠠᠷᠠ ᠡᠮᠦᠨᠡᠰᠢ ᠬᠣᠢ᠌ᠰᠢ ᠶᠠᠭᠠᠷᠠᠵᠤ ᠬᠠᠳᠠᠷᠢᠭᠤᠯᠳᠠᠭ ᠪᠣᠯᠤᠯ᠎ᠠ᠃ ᠦᠨᠦᠳᠤᠷ ᠳᠠᠷᠠ ᠳᠠᠰᠤ ᠬᠠᠷ᠎ᠠ ᠪᠠᠷ ᠬᠤᠪᠴᠠᠯᠠᠭᠰᠠᠨ ᠳᠠᠪᠤᠨ ᠬᠠᠯᠳᠠᠷ ᠨᠥᠭᠦᠤᠨ ᠲᠡᠶ ᠪᠣᠯᠴᠢᠬᠠᠭᠰᠠᠨ ᠨᠢᠭᠡ ᠯᠠᠭᠤᠰᠠ ᠬᠤᠰᠢ ᠲᠡᠶ ᠳᠠᠪᠣᠠᠴᠠᠭᠠᠨ ᠥᠭᠡᠳᠡ ᠭᠠᠷᠪᠠ᠃
ᠡᠳᠦᠷ ᠤᠨ ᠣᠷᠳᠤ ᠠᠶᠠᠨ ᠳᠠᠭᠠᠨ ᠶᠠᠳᠠᠷᠠᠭᠠᠤᠨ ᠦᠳᠡᠰᠢ ᠶᠢᠨ ᠮᠢᠬᠠᠨ ᠳᠠᠭᠠᠨ ᠱᠠᠩᠳᠠᠭᠤᠷᠠᠭᠰᠠᠨ ᠪᠤᠯᠤᠯᠳᠡᠢ᠂ ᠡᠪᠦᠭᠡᠨ ᠳᠠᠷᠠ ᠳᠡᠭᠡᠷ᠎ᠡ ᠳᠤᠯᠤᠭᠠᠢ ᠪᠠᠨ ᠳᠠᠯᠪᠢᠮᠠᠭᠴᠠ ᠬᠠᠨᠤᠮᠵᠢᠳᠠᠢ᠌ᠬᠠᠨ ᠬᠤᠷᠭᠢᠷᠠᠴᠢᠬᠠᠪᠠ᠃
ᠡᠪᠦᠭᠡᠨ ᠠᠷᠤ ᠬᠠᠩᠭ᠋ᠠᠢ ᠶᠢᠨ ᠪᠠᠯ ᠥᠭᠡᠳᠡ ᠫᠣᠤ ᠪᠠᠨ ᠪᠠᠷᠢᠴᠢᠬᠠᠭᠰᠠᠨ ᠭᠦᠶᠦᠵᠤ ᠭᠠᠷᠤᠯ᠎ᠠ᠃ ᠠᠯᠤᠰ ᠤᠨ ᠠᠯᠤᠰ ᠲᠤ ᠭᠡᠳᠤᠨ ᠪᠣᠭᠤ ᠭᠡᠪᠢᠯᠭᠡ ᠪᠠᠨ ᠠᠪᠤᠨ ᠭᠡᠪᠳᠡᠵᠤ᠂ ᠴᠢᠭᠢ ᠪᠠᠨ ᠦᠶ᠎ᠡ ᠦᠶ᠎ᠡ ᠰᠡᠷᠳᠡᠯᠵᠡᠭᠦᠯᠦᠨᠡ᠃ ᠡᠪᠦᠭᠡᠨ ᠭᠠᠵᠠᠷ ᠤᠨ ᠡᠪ ᠭᠦᠭᠡᠭᠡᠵᠤ ᠣᠢ᠌ᠷ᠎ᠠ ᠰᠢᠭ᠌ ᠭᠦᠷᠦᠭᠡᠤᠨ ᠫᠣᠤ ᠪᠠᠨ ᠲᠦᠯᠬᠢᠨ ᠬᠠᠷᠠᠭᠤᠯᠳᠠᠭᠰᠠᠨ ᠴᠢᠨᠢ ᠫᠣᠤ ᠪᠢᠰᠢ ᠬᠠᠷᠢᠨ ᠨᠢᠭᠡ ᠶᠡᠭᠡ ᠳᠤᠮᠤ ᠬᠠᠷ᠎ᠠ ᠳᠠᠮᠤᠷ ᠭᠢᠷᠦᠭᠡ ᠪᠠᠢ᠌ᠵᠠᠢ᠃
ᠳᠠᠭᠢᠨ ᠰᠠᠶᠢᠭᠢ ᠪᠣᠭᠤ ᠭᠡᠵᠤ ᠭᠠᠭᠴᠠ ᠴᠤ ᠦᠭᠡᠶ᠂ ᠬᠠᠷᠢᠨ ᠡᠮᠦᠨᠡᠭᠦᠷ ᠬᠣᠢ᠌ᠭᠤᠷ ᠨᠢ ᠠᠷᠴᠠ ᠬᠠᠷᠭᠠᠢ ᠯᠠ ᠠᠷᠬᠠᠢ᠌ᠵᠤ ᠪᠠᠢ᠌ᠪᠠ᠃ ᠳᠡᠭᠡᠳᠡᠯ᠎ᠡ ᠭᠢᠷᠦᠭᠡ ᠶᠢᠨ ᠴᠠᠭᠠᠳᠤ ᠥᠵᠦᠭᠦᠷ ᠡᠴᠡ ᠨᠢᠭᠡᠨ ᠥᠵᠡᠭᠡ ᠦᠭᠡᠶ ᠬᠠᠯᠳᠠᠷ ᠡᠪᠦᠭᠡᠨ ᠪᠠᠷᠢᠴᠢᠬᠠᠭᠰᠠᠨ ᠰᠠᠬᠠᠯ ᠶᠢᠡᠨ ᠰᠢᠪᠳᠤᠷᠠᠨ ᠰᠢᠪᠳᠤᠷᠠᠨ ᠳᠠᠳᠠᠵᠤ ᠪᠠᠢ᠌ᠯ᠎ᠠ᠃ ᠳᠡᠭᠡᠵᠤ ᠣᠯᠠᠨ ᠯᠠ ᠮᠤᠳᠤ ᠣᠨᠠᠭᠠᠭᠰᠠᠨ᠃ ᠣᠳᠤ ᠪᠠᠷᠤᠭ ᠳᠠᠪᠣ ᠠᠷᠪᠠᠨ ᠳᠡᠷᠭᠡ ᠪᠣᠯᠵᠤ ᠪᠠᠢ᠌ᠭ᠎ᠠ ᠪᠣᠯᠤᠯᠳᠠᠢ᠃ ᠠᠷᠴᠠ ᠬᠠᠷᠭᠠᠢ ᠶᠢ ᠳᠤᠰ ᠳᠤᠰ ᠳᠤᠨᠢ ᠢᠯᠭᠠᠵᠤ ᠬᠤᠷᠢᠶᠠᠯ᠎ᠠ᠂ ᠠᠷᠴᠠ ᠪᠠᠷ ᠨᠢ ᠠᠪᠰᠠ ᠵᠠᠰᠠᠭᠤᠯᠵᠤ᠂ ᠬᠠᠷᠭᠠᠢ ᠪᠠᠷ ᠨᠢ ᠡᠳ᠋ ᠭᠢᠵᠤ ᠬᠤᠳᠠᠯᠳᠤᠭᠠᠤᠨ ᠵᠤᠭᠤᠰ ᠢ ᠨᠢ ᠬᠠᠮᠠᠷ ᠬᠠᠭᠠᠰ ᠠᠪᠬᠤ ᠪᠠᠷ ᠪᠣᠯᠪᠠ᠃ ᠰᠡᠭᠦᠯ ᠳ᠋ᠤᠨᠢ ᠰᠠᠢ᠌ᠭᠢ ᠬᠠᠯᠳᠠᠷ ᠡᠪᠦᠭᠡᠨ ᠠᠷᠪᠠᠨ ᠮᠠᠰᠢᠨ ᠳᠡᠷᠭᠡ ᠳᠠᠭᠤᠳᠠᠭᠤᠯᠵᠤ ᠢᠷᠡᠭᠦᠯᠦᠭᠡᠤᠨ ᠳᠠᠪᠣ ᠳ᠋ᠤᠨᠢ ᠠᠷᠴᠠ ᠠᠴᠢᠵᠤ᠂ ᠳᠠᠪᠣ ᠳ᠋ᠤᠨᠢ ᠬᠠᠷᠭᠠᠢ ᠠᠴᠢᠭᠠᠤᠨ ᠬᠦᠲᠤᠩ ᠭᠦᠪᠲᠤᠩ ᠲᠡᠶ ᠮᠤᠷᠤᠢ ᠰᠢᠷ᠎ᠠ ᠵᠠᠮ ᠶᠢᠡᠷ ᠳᠤᠭᠤᠰᠤ ᠳᠠᠳᠠᠭᠤᠯᠤᠨ ᠣᠳᠤᠯ᠎ᠠ᠃
ᠡᠪᠦᠭᠡᠨ ᠬᠣᠢ᠌ᠨ᠎ᠠ ᠡᠴᠡ ᠨᠢ ᠭᠡᠰᠡᠭ᠌ ᠬᠠᠷᠠᠵᠤ ᠵᠤᠭᠰᠤᠭᠰᠠᠨ ᠶᠢᠠᠨ ᠵᠢᠷᠤᠭ᠎ᠠ ᠬᠠᠯᠳᠠᠷ ᠮᠤᠷᠢᠨ ᠳᠠᠭᠠᠨ ᠮᠤᠷᠳᠠᠵᠤ ᠠᠪᠣᠭᠠᠤᠨ ᠰᠤᠬᠠᠢ᠌ᠳᠤ ᠶᠢᠨ ᠭᠠᠰᠢᠭᠤᠨ ᠨᠠᠮᠤᠭ᠎ᠠ ᠶᠢ ᠴᠢᠭᠯᠡᠯ᠎ᠡ᠃ ᠶᠠᠪᠣᠵᠤ ᠪᠠᠢ᠌ᠳᠠᠯ᠎ᠠ ᠭᠡᠨᠡᠳᠲᠡ ᠳᠠᠷᠳᠠᠭᠠᠷ ᠣᠭᠠᠯᠵᠠ ᠬᠠᠷᠭᠤᠯᠳᠠᠪᠠ᠃ ᠪᠣᠳᠤᠪᠠᠯ ᠣᠰᠤᠨ ᠳᠤ ᠶᠠᠪᠣᠵᠤ ᠪᠠᠢ᠌ᠭᠰᠠᠨ ᠪᠣᠯᠤᠯᠳᠠᠢ᠃ ᠰᠠᠯᠭᠢ ᠥᠨᠦᠷᠳᠦᠴᠢᠭᠡᠪᠠᠤ︖ ᠠᠨᠢᠷ ᠠᠪᠴᠢᠬᠠᠪᠠᠤ︖ ᠪᠣᠤ ᠮᠠᠳᠠ᠂ ᠭᠠᠳᠠᠰ ᠤᠨ ᠶᠡᠪᠠᠷ ᠥᠭᠡᠳᠡ ᠡᠷᠭᠢᠵᠤ ᠤᠷᠭᠢᠯᠡ᠂ ᠡᠪᠦᠭᠡᠨ ᠮᠤᠷᠢᠨ ᠡᠴᠡ ᠪᠠᠨ ᠪᠠᠭᠤᠨ ᠭᠦᠶᠦᠭᠡᠤᠨ ᠫᠣᠤ ᠪᠠᠨ ᠮᠤᠯᠳᠤᠯᠠᠵᠤ ᠨᠢᠭᠡ ᠫᠣᠤᠳᠠᠪᠠ᠂ ᠦᠵᠡᠪᠠᠯ ᠣᠨᠤᠭᠳᠠᠭᠰᠠᠨ ᠶᠠᠭᠤᠮ᠎ᠠ ᠠᠯᠠᠭ᠎ᠠ᠃
ᠳᠡᠭᠡᠭᠡᠤᠨ ᠨᠢᠭᠡ ᠮᠡᠳᠡᠭᠦ ᠳᠤ ᠴᠤᠬᠤᠮ ᠶᠠᠭᠠᠭᠢᠴᠢᠬᠠᠭᠰᠠᠨ ᠴᠤ ᠶᠤᠮ ᠪᠢᠯᠠ᠂ ᠭᠡᠳᠤᠨ ᠬᠠᠯᠴᠠᠭᠠᠢ ᠳᠡᠮᠡᠭᠡ ᠭᠦᠳᠤᠯᠴᠢᠭᠡᠭ᠍ᠰᠡᠨ ᠨᠢᠴᠦᠭᠦᠨ ᠰᠢᠷ᠎ᠠ ᠮᠠᠩᠬᠠᠨ ᠤ ᠳᠤᠮᠳᠠ ᠳᠠᠨᠤᠵᠤ ᠶᠠᠪᠣᠬᠤ ᠨᠢ ᠳᠠᠷᠠ᠃
ᠶᠠᠮᠠᠷ ᠭᠠᠵᠠᠷ ᠪᠣᠯᠬᠤ ᠨᠢ ᠴᠤ ᠮᠡᠳᠡᠭ᠍ᠳᠡᠭ᠍ᠰᠡᠨ ᠦᠭᠡᠶ᠃
ᠣᠳᠤ ᠶᠠᠭᠠᠭᠢᠳᠠᠭ ᠪᠢᠯᠠ︕ ᠠᠯᠠᠭᠰᠠᠨ ᠣᠭᠠᠯᠵᠠ ᠴᠤ ᠦᠭᠡᠶ᠂ ᠠᠪᠣᠭᠰᠠᠨ ᠮᠤᠳᠤ ᠴᠤ ᠦᠭᠡᠶ᠁
ᠬᠤᠰᠢ ᠮᠠᠢ᠌ᠬᠠᠨ ᠬᠠᠮᠢᠭ᠎ᠠ ᠶᠠᠭᠠᠭᠢᠴᠢᠬᠠᠪᠠ︖ ᠰᠠᠬᠠᠯᠳᠤ ᠡᠪᠦᠭᠡᠨ ᠴᠤ ᠦᠭᠡᠶ︖ ᠵᠤᠭᠤᠰ ᠴᠤ ᠠᠪᠴᠢᠷᠠᠰᠢ ᠦᠭᠡᠢ᠁
ᠣᠮᠳᠠᠭᠠᠰᠤᠭᠠᠤᠨ ᠴᠤ ᠳᠡᠰᠭᠦ ᠠᠯᠳᠠᠷᠠᠵᠠᠢ᠃
ᠪᠣᠳᠤᠪᠠᠯ ᠬᠠᠷ᠎ᠠ ᠴᠢᠯᠠᠭᠤᠳᠤ ᠶᠢᠨ ᠴᠠᠭᠠᠨ ᠮᠠᠩᠬᠠᠨ ᠳᠤ ᠣᠷᠤᠴᠢᠬᠠᠭᠰᠠᠨ ᠴᠤ ᠶᠤᠮ ᠦᠦ ᠳ᠋ᠠ᠃ ᠳᠠᠢ᠌ᠮᠤ ᠪᠣᠯ ᠪᠠᠷᠠᠭᠤᠨ ᠡᠮᠦᠷ᠎ᠡ ᠣᠷᠢᠶᠠᠭᠠᠤᠨ ᠭᠠᠷᠪᠠᠯ ᠠᠯᠳᠠᠠᠪᠣᠯᠠᠭ ᠲᠤ ᠭᠦᠷᠭᠦ ᠪᠠᠢ᠌ᠬ᠎ᠠ ᠭᠡᠵᠤ ᠪᠣᠳᠤᠭᠠᠤᠨ᠂ ᠨᠢᠭᠡ ᠮᠠᠩᠬᠠᠨ ᠳᠡᠭᠡᠷ᠎ᠡ ᠭᠠᠷᠴᠤ ᠬᠠᠯᠢᠶᠠᠭᠰᠠᠨ ᠴᠢᠨᠢ ᠠᠯᠳᠠᠠᠪᠣᠯᠠᠭ ᠬᠠᠷᠢᠨ ᠡᠮᠦᠨᠡᠭᠡᠨ ᠨᠢ ᠪᠠᠢ᠌ᠵᠠᠢ᠃
ᠡᠪᠦᠭᠡᠨ ᠮᠠᠯᠠᠭᠠᠢ ᠪᠠᠨ ᠪᠠᠷᠢᠭᠠᠤᠨ ᠨᠠᠭᠤᠷ ᠤᠨ ᠭᠦᠪᠠᠭᠡᠨ ᠳᠤ ᠭᠦᠷ ᠭᠦᠷᠦᠭ᠍ᠰᠡᠭᠡᠷ ᠣᠨᠠᠵᠤ ᠭᠡᠪᠳᠡᠭᠡᠤᠨ ᠭᠠᠭᠴᠠ ᠠᠮᠢᠰᠬᠤᠭ᠎ᠠ ᠪᠠᠷ ᠭᠦᠤᠨ ᠭᠦᠤᠨ ᠭᠡᠳᠡᠯ᠎ᠡ ᠳᠤᠰᠬᠠᠵᠤ ᠭᠠᠷᠤᠯ᠎ᠠ᠃ ᠬᠠᠨᠤᠬᠤ ᠶᠤᠮ ᠦᠭᠡᠶ᠂ ᠭᠡᠳᠡᠰᠤ ᠯᠠ ᠴᠢᠨᠦᠭᠡᠤᠨ ᠪᠠᠢ᠌ᠨ᠎ᠠ᠃ ᠳᠤᠯᠤᠭᠠᠨ ᠢᠷᠸ᠎ᠠ ᠳ᠋ᠠ᠃
ᠦᠨᠳᠠᠢ᠌ᠵᠤ ᠰᠠᠭᠤᠭᠠᠤᠨ ᠭᠤᠳᠤᠰᠤᠨ ᠤ ᠪᠠᠨ ᠡᠯᠡᠰᠤ ᠶᠢ ᠭᠦᠪᠢᠵᠤ ᠪᠠᠢ᠌ᠳᠠᠯ᠎ᠠ ᠨᠠᠭᠤᠷ ᠤᠨ ᠣᠰᠤ ᠭᠡᠨᠡᠳᠲᠡ 《ᠱᠡᠷ ᠱᠠᠷ》 ᠳᠤᠤᠭᠠᠷᠴᠤ ᠡᠭᠢᠯᠡᠪᠡ᠃
ᠵᠠ︕ ᠡᠨᠡ ᠨᠠᠭᠤᠷ ᠳᠤᠳᠤᠷ᠎ᠠ ᠣᠰᠤᠨ ᠥᠭᠡᠷ ᠪᠠᠢ᠌ᠳᠠᠭ ᠭᠡᠰᠡᠨ ᠪᠢᠰᠢᠤ︕ ᠣᠳᠤ ᠯᠠ ᠭᠠᠷᠴᠤ ᠢᠷᠡᠭᠦ ᠶᠤᠮ ᠪᠠᠢ᠌ᠨ᠎ᠠ᠃ ᠪᠣᠯᠪᠠᠯ ᠨᠢᠭᠡ ᠶᠢ ᠨᠢ ᠪᠠᠷᠢᠭᠠᠤᠨ ᠣᠯᠤᠰ ᠲᠤ ᠳᠤᠰᠢᠶᠠᠴᠢᠬᠠᠪᠠᠯ᠂ ᠡᠰᠡ ᠳᠡᠭᠡᠪᠠᠴᠤ ᠵᠤᠭᠤᠰ ᠭᠡᠳᠡᠭ᠌ ᠯᠠ ᠨᠤᠷᠠᠴᠢᠬᠤ ᠪᠠᠢ᠌ᠬ᠎ᠠ ᠭᠡᠵᠤ ᠪᠣᠳᠤᠭᠠᠤᠨ ᠨᠢᠭᠡ ᠴᠠᠯᠮ᠎ᠠ ᠡᠪᠭᠢᠵᠤ ᠪᠠᠷᠢᠨ ᠡᠯᠡᠰᠤᠨ ᠳᠤᠪᠣᠩ ᠤᠨ ᠴᠠᠭᠠᠨ᠎ᠠ ᠭᠡᠳᠡᠭᠡᠤᠨ ᠭᠡᠪᠳᠡᠯ᠎ᠡ᠃
ᠳᠡᠭᠡᠳᠡᠯ᠎ᠡ ᠥᠨᠡᠭᠡᠷ ᠭᠦᠭᠡ ᠭᠦᠭᠡ ᠥᠭᠡᠷ ᠠᠷᠤ ᠠᠷᠤ ᠡᠴᠡ ᠪᠠᠨ ᠴᠤᠪᠣᠭᠠᠤᠨ ᠭᠠᠷᠴᠤ ᠢᠷᠡᠭᠦ ᠨᠢ ᠳᠠᠷᠠ᠃ ᠨᠢᠭᠡ᠂ ᠬᠤᠶᠠᠷ᠂ ᠭᠤᠷᠪᠠ᠁ ᠠᠷᠪᠠ᠂ ᠬᠤᠷᠢ᠁ ᠳᠤᠭ᠎ᠠ ᠨᠢ ᠠᠪᠳᠠᠬᠤ ᠪᠠᠨ ᠪᠠᠢ᠌ᠴᠢᠬᠠᠯ᠎ᠠ᠂ ᠪᠦᠳᠦᠭᠦᠨ ᠥᠭᠡᠷ ᠳᠤᠨᠢ ᠭᠦᠴᠤ ᠭᠦᠷᠦᠰᠢ ᠦᠭᠡᠶ᠃ ᠨᠢᠭᠡ ᠳᠤᠭᠤᠯ ᠢ ᠨᠢ ᠴᠠᠯᠮᠠᠳᠠᠶᠠ᠃
ᠡ᠂ ᠳᠤᠰᠠ ᠦᠭᠡᠶ᠂ ᠵᠢᠭᠠᠬᠠᠨ ᠪᠠᠢ᠌ᠰᠭᠢᠵᠤ ᠪᠠᠢ᠌ᠶ᠎ᠠ︕ ᠡᠨᠡ ᠨᠠᠭᠤᠷ ᠳᠤᠳᠤᠷ᠎ᠠ ᠪᠠᠰᠠ ᠨᠢᠭᠡ ᠮᠠᠷᠮᠠᠬᠠᠨ ᠴᠠᠭᠠᠨ ᠮᠤᠷᠢ ᠴᠤ ᠪᠠᠢ᠌ᠨ᠎ᠠ ᠭᠡᠳᠡᠭ᠌ ᠪᠢᠰᠢᠤ᠂ ᠳᠠᠷᠠ ᠴᠤ ᠭᠠᠷᠤᠭᠠᠤᠨ ᠢᠷᠡᠭᠦ ᠮᠠᠭᠠᠤᠨ ᠦᠭᠡᠶ᠂ ᠴᠢᠳᠠᠪᠠᠯ ᠥᠭᠡᠷ᠂ ᠮᠤᠷᠢ ᠬᠤᠶᠠᠷ ᠪᠠᠷᠢᠴᠢᠬᠠᠪᠠᠯ ᠨᠠᠩ ᠠᠷᠪᠢᠨ ᠵᠤᠭᠤᠰ ᠣᠯᠵᠤ ᠮᠠᠳᠠᠨ᠎ᠠ ᠭᠡᠵᠤ ᠪᠣᠳᠤᠨ ᠪᠠᠢ᠌ᠳᠠᠯ᠎ᠠ᠂ ᠥᠨᠡᠭᠡᠷ ᠪᠠᠯᠳᠠᠨ ᠤ ᠭᠡᠯᠡᠵᠤ ᠪᠠᠢ᠌ᠭᠰᠠᠨ ᠲᠡᠶ ᠠᠪ ᠠᠳᠠᠯᠢᠬᠠᠨ ᠵᠢᠭᠠᠬᠠᠨ ᠴᠠᠭᠠᠨ ᠮᠤᠷᠢ ᠬᠠᠮᠠᠷ ᠶᠢᠠᠨ ᠲᠤᠷᠭᠢᠴᠢᠬᠠᠭᠰᠠᠨ ᠭᠠᠷᠤᠭᠠᠤᠨ ᠢᠷᠠᠪᠠ᠃ ᠥᠭᠡᠷ ᠤᠳ ᠡᠯᠡᠰᠤᠨ ᠥᠭᠡᠳᠡ ᠴᠤᠪᠣᠭᠠᠤᠨ ᠳᠠᠯᠳᠠ ᠣᠷᠤᠵᠤ ᠪᠠᠢ᠌ᠨ᠎ᠠ᠃
ᠮᠤᠷᠢ ᠶᠢ ᠨᠢ ᠴᠠᠯᠮᠠᠳᠠᠬᠤ ᠦᠦ︖ ᠡ᠂ ᠪᠠᠢ᠌ᠰᠭᠢᠵᠤ ᠪᠠᠢ᠌ᠶ᠎ᠠ︕ ᠨᠠᠭᠤᠷ ᠡᠴᠡ ᠪᠠᠨ ᠬᠤᠯᠠ ᠰᠢᠭ ᠭᠠᠷᠳᠤᠭᠠᠢ᠂ ᠡᠭᠦᠨ ᠢ ᠭᠦᠴᠤ ᠭᠦᠷᠴᠤ ᠶᠠᠳᠠᠮᠠᠷ ᠶᠤᠮ ᠴᠤ ᠦᠭᠡᠶ ᠰᠢᠩᠭᠢ᠁
ᠡᠪᠦᠭᠡᠨ ᠣᠷᠤᠨ ᠡᠴᠡ ᠪᠠᠨ ᠡᠪᠳᠡᠢ᠌ᠭᠡᠨ ᠪᠣᠰᠤᠭᠠᠤᠨ ᠨᠢᠭᠡ ᠴᠠᠯᠮᠠᠳᠠᠭᠰᠠᠨ ᠴᠢᠨᠢ ᠠᠮᠠᠨ ᠭᠦᠵᠦᠭᠦᠯᠦᠭᠡᠤᠨ ᠠᠪᠣᠪᠠ᠃ ᠬᠠᠢ᠂ ᠨᠤᠮᠤᠬᠠᠨ ᠶᠤᠮ ᠪᠠᠢ᠌ᠵᠠᠢ᠃ ᠬᠠᠷ᠎ᠠ ᠳᠡᠭᠡᠰᠤ ᠪᠠᠷ ᠶᠢᠡᠨ ᠬᠤᠯᠠᠭᠠᠢ ᠨᠤᠭᠳᠤ ᠳᠠᠯᠪᠢᠭᠠᠤᠨ᠂ ᠭᠤᠷᠪᠠᠨ ᠭᠦᠯ ᠶᠢ ᠨᠢ ᠴᠢᠳᠤᠷᠯᠠᠵᠤ ᠣᠶᠠᠭᠠᠤᠨ ᠫᠣᠤ ᠪᠠᠨ ᠪᠠᠷᠢᠵᠤ᠂ ᠥᠭᠡᠷ ᠤᠨ ᠬᠣᠢ᠌ᠨ᠎ᠠ ᠡᠴᠡ ᠭᠠᠷᠳᠠᠯ᠎ᠠ᠂ ᠥᠭᠡᠷ ᠤᠳ ᠪᠠᠷᠠᠭᠤᠨ ᠮᠠᠩᠬᠠᠨ ᠤ ᠭᠡᠵᠢᠭᠡ ᠳᠡᠭᠡᠭᠦᠷ ᠴᠤᠪᠣᠭᠠᠤᠨ ᠢᠷᠠᠵᠤ ᠪᠠᠢ᠌ᠭᠰᠠᠨ ᠶᠢᠡᠨ ᠡᠪᠦᠭᠡᠨ ᠡᠴᠡ ᠥᠷᠭᠦᠭᠡᠤᠨ ᠫᠢᠴᠢᠭᠢᠨᠠᠵᠤ ᠣᠤᠠᠪᠠ᠃ ᠫᠣᠤ ᠪᠠᠨ ᠲᠦᠯᠬᠢᠵᠤ ᠢᠷᠡᠭ᠍ᠰᠡᠭᠡᠷ ᠪᠦᠳᠦᠭᠦᠨ ᠠᠮᠠ ᠪᠠᠷ ᠨᠢ ᠳᠤᠰᠢᠶᠠᠯ᠎ᠠ᠃ ᠮᠡᠳᠡᠭᠦ ᠶᠤᠮ ᠦᠭᠡᠶ᠂ ᠰᠤᠮᠤ ᠨᠢ ᠯᠠ ᠴᠡᠨᠡᠭ᠌ ᠲᠡᠶ ᠪᠠᠨ ᠶᠠᠪᠣᠵᠤ ᠪᠠᠢ᠌ᠬᠤ ᠨᠢ ᠥᠵᠡᠭ᠍ᠳᠡᠨ᠎ᠡ᠃ ᠥᠭᠡᠷ ᠤᠳ ᠫᠣᠯ ᠫᠣᠯ ᠭᠡᠳᠡᠯ᠎ᠡ ᠨᠠᠭᠤᠷ ᠣᠷᠤᠭᠤ ᠪᠠᠨ ᠥᠰᠦᠷᠵᠡᠭᠡᠨᠡ᠃ ᠶᠠᠪᠣᠭᠠᠤᠨ ᠭᠦᠷᠦᠭ᠍ᠰᠡᠨ ᠴᠢᠨᠢ᠂ ᠡᠨ ᠯᠠᠮᠠ︕ ᠨᠢᠭᠡ ᠭᠡᠷ ᠤᠨ ᠴᠢᠨᠡᠭᠡᠨ ᠪᠦᠳᠦᠭᠦᠨ ᠭᠦᠭᠡ ᠥᠭᠡᠷ ᠣᠨᠠᠴᠢᠭᠰᠠᠨ ᠪᠠᠢ᠌ᠪᠠ᠃ ᠭᠢᠴᠢᠨᠠᠨ ᠵᠤᠭᠤᠰ ᠲᠤ ᠭᠦᠷᠭᠦ ᠶᠢ ᠭᠡᠨ ᠮᠠᠳᠠᠨ᠎ᠠ᠃ ᠳᠠᠨᠢᠬᠤ ᠪᠠᠷ ᠯᠠ ᠡᠪᠠᠷ ᠳᠤᠭᠤᠷᠠᠢ ᠬᠤᠶᠠᠷ ᠨᠢ ᠪᠦᠷ ᠴᠤᠯᠠ ᠭᠦᠭᠡ ᠬᠠᠰ ᠡᠷᠳᠡᠨᠢ ᠭᠡᠵᠤ ᠮᠠᠳᠠᠪᠠ᠂ ᠪᠢᠰᠢ ᠮᠡᠳᠡᠭᠦ ᠶᠤᠮ ᠦᠭᠡᠶ᠂ ᠪᠠᠬᠠᠨ ᠠᠢ᠌ᠳᠠᠰ ᠴᠤ ᠭᠦᠷᠴᠤ ᠪᠠᠢ᠌ᠨ᠎ᠠ᠃ ᠨᠠᠰᠢ ᠴᠠᠰᠢ ᠬᠠᠯᠢᠶᠠᠪᠠᠯ ᠠᠮᠢᠳᠠᠨ ᠭᠦᠮᠤᠨ ᠭᠡᠵᠤ ᠥᠵᠡᠭ᠍ᠳᠡᠭᠦ ᠶᠠᠭᠤᠮ᠎ᠠ ᠦᠭᠡᠶ᠃
ᠠᠶᠤᠭᠰᠠᠨ ᠤ ᠦᠦ ᠰᠥᠷᠳᠡᠭ᠍ᠰᠡᠨ ᠤ ᠦᠦ᠂ ᠵᠢᠷᠦᠭᠡ ᠯᠠ ᠳᠦᠭ᠌ ᠳᠦᠭ᠌ ᠭᠡᠤᠨ ᠭᠡᠴᠡᠭᠦᠤ ᠴᠤᠭᠢᠯᠠᠵᠤ ᠪᠠᠢ᠌ᠨ᠎ᠠ᠃
ᠣᠳᠤ ᠶᠠᠭᠠᠭᠢᠳᠠᠭ ᠪᠢᠯᠠ︖ ︕ ᠬᠤᠷᠳᠤᠨ ᠬᠤᠰᠢ ᠳᠡᠭᠡᠷ᠎ᠡ ᠪᠠᠨ ᠪᠣᠴᠠᠭᠠᠤᠨ ᠮᠠᠰᠢᠨ ᠳᠡᠷᠭᠡ ᠣᠯᠬᠤ ᠠᠷᠭ᠎ᠠ ᠳᠠᠳᠠᠶ᠎ᠠ ᠭᠡᠵᠤ ᠪᠣᠳᠤᠭᠠᠤᠨ ᠡᠪᠦᠭᠡᠨ ᠬᠠᠯᠳᠠᠷ ᠮᠤᠷᠢᠨ ᠳᠠᠭᠠᠨ ᠮᠤᠷᠳᠠᠵᠤ ᠠᠪᠣᠭᠠᠤᠨ ᠬᠠᠳᠠᠷᠢᠭᠤᠯᠤᠯᠠ᠃
ᠳᠠᠪᠣᠠᠴᠠᠭᠠᠨ ᠤ ᠪᠠᠯᠴᠢᠷ ᠲᠤ ᠭᠦᠷᠴᠤ ᠢᠷᠡᠭᠦ ᠦᠶ᠎ᠡ ᠰᠠᠢ᠌ᠭᠢ ᠭᠡᠳᠤᠨ ᠨᠥᠭᠦᠤᠨ ᠨᠢ ᠭᠡᠳᠦᠢ ᠪᠤᠭᠤ ᠠᠯᠠᠴᠢᠬᠠᠭᠰᠠᠨ ᠬᠤᠰᠢ ᠪᠠᠨ ᠪᠠᠭᠤᠯᠭᠠᠵᠤ ᠪᠠᠢ᠌ᠵᠠᠢ᠃ ᠭᠡᠴᠡᠭᠦᠤ ᠠᠭᠤᠷᠳᠠᠢ ᠯᠠ ᠪᠠᠢ᠌ᠨ᠎ᠠ᠃
ᠵᠡᠭᠦᠨ ᠮᠤᠬᠤᠷ ᠤᠨ ᠡᠭᠢᠨ ᠬᠠᠮᠠᠭᠤᠯ ᠳᠤᠳᠤᠷ᠎ᠠ ᠡᠴᠡ ᠨᠢᠭᠡ ᠠᠷᠪᠢᠨ ᠰᠠᠯᠠᠭ᠎ᠠ ᠲᠡᠶ ᠶᠠᠭᠤᠮ᠎ᠠ ᠥᠰᠦᠷᠦᠭᠡᠤᠨ ᠭᠠᠷᠤᠭᠠᠤᠨ ᠢᠷᠠᠪᠠ᠃ ᠡᠪᠦᠭᠡᠨ ᠫᠣᠤ ᠪᠠᠨ ᠠᠪᠣᠭᠰᠠᠭᠠᠷ ᠴᠥᠭᠦᠷᠡᠨ ᠰᠠᠭᠤᠭᠠᠤᠨ ᠨᠢᠭᠡ ᠳᠤᠰᠢᠶᠠᠭᠰᠠᠨ ᠴᠢᠨᠢ ᠡᠳ᠋ ᠨᠢ ᠴᠤ ᠡᠳ᠋ ᠮᠦᠨ ᠪᠠᠢ᠌ᠵᠠᠢ ᠨᠢᠳᠤ ᠲᠡᠶ ᠶᠤᠮ ᠰᠢᠩᠭᠢ᠁
ᠭᠡᠳᠦᠭᠦᠯᠡ ᠪᠣᠭᠤ ᠪᠠᠨ ᠦᠪᠴᠢᠵᠤ ᠡᠪᠠᠷ ᠮᠦᠪᠠᠷ ᠢ ᠨᠢ ᠰᠢᠪᠠᠷᠳᠠᠵᠤ ᠪᠠᠷᠢᠵᠤ ᠠᠮᠵᠢᠭᠠᠤᠨ ᠨᠢᠭᠡ ᠶᠡᠭᠡ ᠠᠷᠴᠠᠨ ᠤ ᠰᠡᠭᠦᠳᠡᠷ ᠲᠤ ᠳᠡᠭᠦᠵᠢᠯᠡᠵᠤ ᠪᠠᠢ᠌ᠳᠠᠯ᠎ᠠ᠂ ᠰᠠᠭᠰᠠᠭᠠᠷ ᠨᠤᠭᠤᠭᠠᠨ ᠠᠷᠴᠠ ᠭᠡᠨᠡᠳᠲᠡ ᠨᠢᠭᠡ ᠰᠠᠵᠢᠯᠠᠮᠠᠷ ᠪᠣᠯᠬᠤ ᠳᠤ ᠶᠡᠭᠡ ᠴᠠᠭᠠᠨ ᠰᠠᠬᠠᠯ ᠲᠡᠶ ᠡᠪᠦᠭᠡᠨ ᠪᠣᠯᠵᠤ ᠬᠤᠪᠢᠯᠤᠭᠠᠤᠨ ᠨᠥᠭᠦᠤᠨ ᠤᠳ ᠢ ᠨᠢ ᠪᠠᠷᠢᠵᠤ ᠠᠪᠣᠮᠠᠭᠴᠠ᠄
ᠪᠢ ᠪᠣᠯ ᠳᠠᠪᠣᠠᠴᠠᠭᠠᠨ ᠤ ᠨᠢᠭᠡ ᠨᠢ ᠪᠠᠢ᠌ᠨ᠎ᠠ᠂ ᠴᠢᠨᠤᠰ ᠮᠢᠨᠤ ᠪᠣᠭᠤ ᠶᠢ ᠶᠠᠭᠤᠨ ᠳᠤ ᠠᠯᠠᠪᠠ︖ ᠭᠡᠭᠦ ᠨᠢ ᠳᠠᠷᠠ᠃
ᠳᠠᠭᠢᠭᠠᠤᠨ ᠨᠢᠭᠡ ᠮᠡᠳᠡᠭᠦ ᠳᠤ ᠳᠠᠪᠤᠨ ᠶᠡᠭᠡ ᠴᠠᠭᠠᠨ ᠰᠠᠬᠠᠯ ᠲᠡᠶ ᠡᠪᠦᠭᠡᠤᠨ ᠢᠷᠡᠴᠢᠭᠡᠭ᠍ᠰᠡᠨ᠄
— ᠪᠢᠳᠠ ᠪᠣᠯ ᠳᠠᠪᠣᠠᠴᠠᠭᠠᠨ ᠤ ᠭᠢᠨ ᠪᠠᠢ᠌ᠨ᠎ᠠ ᠭᠡᠵᠡᠭᠡᠨ ᠬᠣᠢ᠌ᠨ᠎ᠠ ᠬᠣᠢ᠌ᠨ᠎ᠠ ᠡᠴᠡ ᠪᠠᠨ ᠢᠷᠠᠵᠤ ᠳᠠᠪᠣᠭᠤᠯᠠ ᠵᠡᠷᠭᠡᠴᠡᠨ ᠵᠤᠭᠰᠤᠭᠠᠤᠨ᠄
— ᠭᠡᠨ ᠮᠢᠨᠤ ᠪᠣᠭᠤ ᠶᠢ ᠠᠯᠠᠪᠠ︖
— ᠭᠡᠨ ᠮᠢᠨᠤ ᠣᠰᠤᠨ ᠥᠭᠡᠷ ᠢ ᠠᠯᠠᠪᠠ︖
— ᠭᠡᠨ ᠮᠢᠨᠤ ᠣᠭᠠᠯᠵᠠ ᠶᠢ ᠠᠯᠠᠪᠠ︖
— ᠭᠡᠨ ᠮᠢᠨᠤ ᠴᠠᠭᠠᠨ ᠮᠤᠷᠢ ᠶᠢ ᠠᠯᠠᠪᠠ︖
— ᠭᠡᠨ ᠮᠢᠨᠤ ᠠᠷᠴᠠ ᠬᠠᠷᠭᠠᠢ ᠶᠢ ᠳᠠᠢ᠌ᠷᠠᠪᠠ︖ ᠁ ᠭᠡᠴᠢᠭ᠍ᠰᠡᠨ ᠨᠢᠭᠡ ᠨᠢᠭᠡᠨ ᠡᠴᠡ ᠪᠠᠨ ᠭᠡᠴᠡᠭᠦᠤ ᠵᠠᠩᠨᠠᠵᠤ ᠪᠠᠢ᠌ᠨ᠎ᠠ᠃ ᠵᠠ︕ ᠢᠩᠭᠢᠵᠤ ᠯᠠ ᠥᠭᠦᠳᠡᠭ᠌ ᠪᠠᠢ᠌ᠵᠠᠢ᠃ ᠳᠠᠪᠣᠠᠴᠠᠭᠠᠨ ᠭᠡᠭ᠍ᠴᠢ ᠨᠢ ᠡᠢ᠌ᠮᠤ ᠯᠠ ᠪᠠᠢ᠌ᠳᠠᠭ ᠪᠠᠢ᠌ᠵᠠᠢ ᠭᠡᠵᠤ ᠪᠣᠳᠤᠳᠠᠯᠠ᠄
— ᠴᠢᠨᠤᠰ ᠦᠵᠡ︕ ᠳᠠᠷᠠ ᠶᠠᠭᠤ ᠪᠣᠢ︖ ᠭᠡᠵᠤ ᠪᠠᠢ᠌ᠨ᠎ᠠ᠃
ᠳᠡᠷᠢᠭᠦᠨ ᠡᠷᠭᠢᠨ ᠬᠠᠯᠢᠶᠠᠪᠠᠯ ᠰᠠᠢ᠌ᠭᠢ ᠥᠭᠡᠷ᠂ ᠪᠣᠭᠤ᠂ ᠣᠭᠠᠯᠵᠠ᠂ ᠮᠤᠷᠢ᠂ ᠮᠤᠳᠤ ᠪᠦᠭᠦᠳᠡ ᠶᠢ ᠠᠪᠴᠢᠷᠠᠭᠠᠤᠨ ᠵᠡᠷᠭᠡᠴᠡᠭᠦᠯᠦᠭᠡᠤᠨ ᠳᠠᠯᠪᠢᠴᠢᠬᠠᠵᠠᠢ᠃ ᠬᠠᠵᠠᠭᠤ ᠳ᠋ᠤᠨᠢ ᠰᠠᠢ᠌ᠭᠢ ᠮᠤᠳᠤ ᠠᠴᠢᠭᠠᠤᠨ ᠶᠠᠪᠣᠭᠰᠠᠨ ᠢᠮᠠᠭᠠᠨ ᠰᠠᠬᠠᠯᠳᠤ ᠡᠪᠦᠭᠡᠨ ᠢ ᠴᠤ ᠪᠦᠭ᠍ᠴᠥᠢᠯᠡᠭᠡᠤᠨ ᠵᠤᠭᠰᠤᠭᠠᠴᠢᠬᠠᠭᠰᠠᠨ ᠪᠠᠢ᠌ᠨ᠎ᠠ᠃ 《ᠵᠠ︕ ᠬᠤᠪᠳᠤᠭ ᠬᠤᠤᠷᠠᠨ ᠳᠤ ᠬᠠᠷᠭᠤᠨ᠎ᠠ》 ᠭᠡᠭ᠍ᠴᠢ ᠨᠢ ᠦᠨᠡᠨ ᠪᠠᠢ᠌ᠵᠠᠢ᠃ ᠢᠩᠭᠢᠵᠤ ᠯᠠ ᠳᠦᠭᠦᠷᠳᠡᠭ᠌ ᠪᠠᠢ᠌ᠵᠠᠢ ᠭᠡᠮᠡᠨ ᠪᠣᠳᠤᠵᠤ ᠪᠠᠢ᠌ᠳᠠᠯ᠎ᠠ᠄
— ᠵᠤᠩᠳᠤᠤ ᠠᠯᠠᠯ᠎ᠠ︕ ᠵᠤᠩᠳᠤᠤ ᠮᠤᠳᠤ ᠳᠠᠢ᠌ᠷᠠᠯᠠ᠃ ᠳᠠᠪᠣᠠᠴᠠᠭᠠᠨ ᠳᠤ ᠶᠠᠪᠣᠶ᠎ᠠ ᠭᠡᠵᠤ ᠮᠦᠨ ᠵᠤᠩᠳᠤᠤ ᠵᠠᠮᠴᠢᠯᠠᠯᠠ︕ ᠭᠡᠵᠡᠭᠡᠨ ᠪᠦᠭᠦᠳᠡᠭᠡᠷ ᠶᠢᠡᠨ ᠳᠡᠭᠦᠨ ᠤ ᠥᠭᠡᠳᠡ ᠬᠤᠷᠤᠭᠤ ᠪᠠᠨ ᠭᠤᠵᠣᠢ᠌ᠯᠭᠠᠵᠠᠢ᠃
ᠶᠡᠭᠡ ᠴᠠᠭᠠᠨ ᠡᠪᠦᠭᠡᠨ ᠨᠢ ᠵᠤᠩᠳᠤᠤ ᠶᠢᠨ ᠡᠮᠦᠨ᠎ᠡ ᠭᠦᠷᠴᠤ ᠢᠷᠡᠭᠡᠤᠨ᠄
— ᠬᠠᠷ᠎ᠠ ᠬᠤᠤᠷᠠᠳᠠᠨ ᠴᠢᠮᠢ᠋ᠢ ᠪᠢ ᠰᠢᠦᠡᠭᠡᠭᠦ ᠭᠠᠵᠠᠷ ᠳᠤᠰᠢᠶᠠᠵᠤ ᠦᠭᠭᠦᠶ᠎ᠡ ᠭᠡᠤᠨ ᠭᠠᠷ ᠡᠴᠡ ᠨᠢ ᠪᠠᠷᠢᠭᠠᠤᠨ ᠪᠠᠭᠤᠤ ᠶᠢ ᠨᠢ ᠳᠠᠮᠤᠷ ᠳᠤᠱᠠ ᠪᠠᠷ 《ᠱᠠᠭ》 ᠭᠡᠳᠡᠯ᠎ᠡ ᠣᠭᠤᠰᠤᠷᠯᠠᠵᠤ ᠠᠪᠳᠠᠯ᠎ᠠ ᠡᠪᠦᠭᠡᠨ ᠴᠤ ᠰᠤᠴᠢᠵᠤ ᠰᠡᠷᠡᠭᠡᠤᠨ ᠥᠡᠳᠡᠢ᠌ᠰᠭᠡᠨ ᠵᠤᠭᠰᠤᠪᠠ᠃
ᠳᠠᠷᠠ ᠨᠣᠢ᠌ᠷᠮᠠᠭ ᠨᠢᠳᠤ ᠪᠠᠨ ᠨᠤᠬᠤᠯᠭᠢᠯᠠᠨ ᠰᠠᠢ᠌ᠳᠤᠷ ᠠᠵᠢᠭᠯᠠᠭᠰᠠᠨ ᠴᠢᠨᠢ ᠳᠡᠭᠦᠨ ᠤ ᠡᠮᠦᠨ᠎ᠡ ᠭᠡᠳᠤᠨ ᠴᠠᠭᠳᠠᠭ᠎ᠠ ᠰᠥᠷᠳᠡᠢ᠌ᠭᠡᠨ ᠰᠢᠷᠳᠡᠭᠡᠤᠨ ᠵᠤᠭᠰᠤᠵᠤ ᠪᠠᠢ᠌ᠪᠠ᠃
(《ᠴᠡᠴᠡᠭ᠍ᠳᠤ ᠴᠠᠢ᠌ᠳᠠᠮ》 1991 ᠣᠨ ᠤ 3 ᠳ᠋ᠤᠭᠠᠷ ᠬᠤᠭᠤᠴᠠᠭ᠎ᠠ)
ᠵᠤᠬᠢᠶᠠᠭᠴᠢ᠄ ᠸᠠᠩ ᠼᠠᠢ ᠬᠤᠧᠨ
ᠢᠷᠡᠯᠲᠡ᠄ ᠨᠡᠷᠡᠡᠴᠡᠴᠡᠭ᠌
ᠬᠠᠷᠢᠶ᠎ᠠ᠄
ᠥᠭᠥᠯᠡᠯᠭᠡᠳᠠᠷᠤᠮ᠄ 9243
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ