ᠨᠡᠪᠲᠡᠷᠡᠨ ᠤᠷᠤᠬᠤ
ᠰᠢᠪᠠᠭᠤᠳ ᠤᠨ ᠡᠭᠡᠰᠢᠭ᠌ ᠶᠢᠡᠷ ᠡᠵᠢ ᠮᠢᠨᠢ ᠡᠷᠢᠭ᠍ᠳᠡᠨ᠎ᠡ

ᠭᠤᠪᠢ ᠶᠢᠨ ᠨᠠᠷᠠ ᠵᠡᠭᠡᠷ᠎ᠡ ᠶᠢᠨ ᠵᠤ᠋ ᠳᠤ ᠰᠠᠭᠤᠵᠤ

ᠭᠠᠳᠠᠨ᠎ᠠ ᠡᠯᠭᠦᠭᠡᠰᠦᠳᠡᠢ ᠳᠤᠭᠤᠯ ᠤᠨ ᠳᠠᠳᠠᠭ᠎ᠠ ᠭᠦᠪᠰᠦᠷᠡᠴᠢᠭᠡᠭ᠍ᠰᠡᠨ

ᠭᠤᠤᠯ ᠤᠨ ᠭᠦᠪᠠᠭᠡ ᠣᠯᠠᠷᠢᠯ ᠤᠨ ᠥᠩᠭᠡ ᠪᠠᠷ ᠰᠢᠷᠭᠠᠯᠳᠤᠭᠰᠠᠨ

ᠭᠠᠵᠠᠷ ᠤᠨ ᠬᠤᠯᠠ ᠶᠢᠨ ᠠᠷᠤᠭᠴᠢᠨ ᠨᠡᠮᠦᠷ᠂ ᠡᠵᠢ ᠬᠤᠶᠠᠷ ᠶᠢᠡᠨ

ᠭᠠᠩᠰᠠᠷᠠᠨ ᠭᠠᠩᠰᠠᠷᠠᠨ ᠰᠢᠪᠠᠭᠤᠳ ᠤᠨ ᠡᠭᠡᠰᠢᠭ᠌ ᠶᠢᠡᠷ ᠡᠷᠢᠭᠡᠤᠨ ᠪᠠᠢ᠌ᠨ᠎ᠠ

ᠳᠤᠵᠢ ᠯᠠ ᠰᠠᠯᠭᠢᠨ ᠤ ᠥᠵᠦᠭᠦᠷ ᠶᠢᠡᠷ ᠰᠠᠤᠠᠭᠢᠯ ᠰᠡᠢ᠌ᠴᠡᠭᠦᠯᠵᠤ

ᠳᠤᠭᠤᠭ᠎ᠠ ᠳᠤ ᠪᠠᠨ ᠣᠳᠤ ᠪᠠᠭᠤᠳᠠᠯ᠎ᠠ ᠰᠠᠮᠤᠷᠠᠨ ᠰᠠᠮᠤᠷᠴᠤ

ᠵᠠᠰᠠᠵᠤ ᠬᠤᠨᠤᠭᠤᠯᠤᠭᠰᠠᠨ ᠰᠥ᠋ ᠴᠢᠨᠢ

ᠵᠠᠳᠠᠭᠠᠢ ᠨᠠᠮᠤᠷᠵᠢᠶ᠎ᠠ ᠳᠤ ᠢᠷᠡᠭ᠍ᠰᠡᠨ

ᠳᠡᠷᠭᠡᠯ ᠰᠠᠷᠠ ᠶᠢ ᠳᠠᠭᠤᠷᠢᠶᠠᠯ ᠦᠭᠡᠶ

ᠵᠡᠷᠭᠡᠯᠭᠡᠨ ᠰᠢᠭ᠌ ᠴᠤᠪᠬᠤᠴᠠᠭᠰᠠᠨ ᠨᠠᠮᠢ᠋ᠢ

ᠰᠠᠨᠠᠬᠤ ᠰᠠᠤᠠᠭᠢᠯ ᠢ ᠴᠢᠨᠢ ᠳᠠᠭᠠᠵᠤ

ᠵᠠᠢ᠌ᠮᠤᠷᠠᠨ ᠵᠠᠢ᠌ᠮᠤᠷᠠᠨ ᠭᠦᠪᠠᠭᠡ ᠨᠢ ᠡᠮᠵᠡᠭ᠌ ᠳᠤᠭᠳᠠᠨ᠎ᠠ

ᠣᠭᠤᠷᠠᠭ ᠶᠢᠡᠷ ᠰᠥᠯᠡᠭ᠍ᠰᠡᠨ ᠴᠠᠢ ᠰᠢᠭ

ᠪᠣᠭᠤᠷᠤᠯ ᠠᠭᠤᠯᠠᠰ ᠤᠨ ᠴᠠᠭᠠᠨ᠎ᠠ

ᠣᠰᠤᠨ ᠤ ᠰᠢᠪᠠᠭᠤᠳ ᠤᠨ ᠪᠣᠴᠠᠬᠤ ᠨᠤᠲ᠋ ᠲᠤ

ᠭᠠᠭᠴᠠᠭᠠᠷ ᠰᠠᠭᠤᠬᠤ ᠳᠤ ᠪᠠᠨ

ᠣᠯᠠᠭᠠᠨ ᠠᠪᠳᠠᠷ᠎ᠠ ᠡᠴᠡ ᠮᠢᠨᠤ ᠭᠦᠯᠦᠰᠤ ᠲᠡᠶ ᠡᠯᠢᠭᠡᠪᠴᠢ

ᠣᠯᠠᠭᠠᠨ ᠪᠦᠴᠡ ᠲᠡᠶ ᠪᠠᠭ᠎ᠠ ᠨᠠᠰᠤ ᠶᠢ ᠮᠢᠨᠢ

ᠭᠠᠷᠭᠠᠨ ᠭᠠᠷᠭᠠᠨ ᠦᠨᠦᠰᠤᠨ᠎ᠠ

ᠣᠨᠠᠬᠤ ᠨᠠᠷᠠᠨ ᠳᠤ ᠣᠷᠤᠮᠳᠠᠬᠤ ᠪᠣᠭᠤ ᠶᠢᠨ ᠳᠠᠭᠤ ᠶᠢ ᠴᠢᠩᠨᠠᠨ

ᠣᠷᠤᠰᠬᠠᠯ ᠳᠤ ᠭᠦᠪᠭᠦ ᠰᠢᠪᠠᠭᠤᠳ ᠢ ᠬᠠᠷᠠᠨ

ᠣᠬᠠᠭᠠᠠᠳᠠᠢ ᠭᠦᠤ ᠮᠢᠨᠢ ᠰᠡᠷᠢᠭᠦᠤ ᠣᠨᠠᠯ᠎ᠠ

ᠵᠤᠵᠠᠭᠠᠯᠠ ᠭᠡᠵᠤ ᠰᠢᠪᠠᠨᠠᠨ

ᠣᠷᠢᠳᠤ ᠰᠦᠨᠢ ᠭᠢᠷᠠᠭᠤ ᠪᠠᠭᠤᠭᠰᠠᠨ ᠰᠢᠭ

ᠮᠦᠯᠴᠠᠢ᠌ᠵᠤ ᠨᠠᠮᠢ᠋ᠢ ᠳᠠᠩᠳᠠ ᠳᠠᠭᠤᠳᠠᠨ᠎ᠠ


ᠵᠤᠬᠢᠶᠠᠭᠴᠢ᠄ ᠳᠦᠷᠪᠠᠳ ᠡᠷᠳᠡᠨᠢᠪᠠᠶᠡᠷ

ᠴᠢᠪᠠᠭ᠎ᠠ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠭᠢᠴᠢᠶᠡᠯᠯᠡᠭ᠍ᠴᠢ

ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2931
ᠴᠠᠭ᠄ 2008 ᠤᠨ ᠤ 12 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ