☆ ᠪᠣᠷᠵᠢᠭᠢᠨ·ᠮᠥᠩᠭᠡᠤ᠋ᠳᠽᠡᠷ
ᠰᠤᠯᠤᠩᠭ᠋᠎ᠠ
ᠮᠠᠠᠳᠠᠯ ᠳᠡᠭ᠍ᠷᠢ ᠶᠢᠨ ᠳᠠᠭᠢᠨᠢ ᠭᠡᠦᠭᠡᠨ
ᠮᠤᠩᠭ᠋ᠤᠯ ᠵᠠᠯᠠᠭᠤ ᠳᠤ ᠬᠠᠢ᠌ᠷ᠎ᠠ ᠲᠡᠶ ᠪᠣᠯᠪᠠᠤ ︖
ᠠᠮᠠᠷᠠᠭ ᠰᠡᠳᠭᠢᠯ ᠤᠨ ᠳᠤᠭᠳᠤᠢ ᠵᠠᠭᠢᠳᠠᠯ ᠶᠢᠡᠨ
ᠠᠯᠴᠢᠭᠤᠷ ᠲᠡᠶ ᠪᠠᠨ ᠴᠤᠭ ᠳᠠᠯ᠎ᠠ ᠵᠥᠭ᠌ ᠰᠢᠳᠠᠪᠠᠤ ︖
ᠠᠷᠢᠯᠤᠭᠰᠠᠨ ᠪᠣᠷᠤᠭᠠᠨ ᠤ ᠳᠠᠷᠠᠭᠠᠭᠢ ᠣᠭᠳᠠᠷᠭᠤᠢ
ᠠᠷᠴᠢᠭᠰᠠᠨ ᠳᠤᠯᠢ ᠰᠢᠭ ᠴᠠᠯᠮᠠᠢ᠌ᠨ ᠭᠦᠭᠡᠷᠡᠭᠡᠳ
ᠠᠷᠪᠠᠨ ᠥᠩᠭᠡ ᠶᠢᠨ ᠭᠡᠷᠡᠯᠳᠤ ᠰᠤᠯᠤᠩᠭ᠋᠎ᠠ
ᠠᠳᠠᠷ ᠭᠡᠭᠡᠷ᠎ᠡ ᠶᠢ ᠳᠡᠭ᠍ᠷᠢ ᠲᠡᠶ ᠬᠤᠯᠪᠣᠨ᠎ᠠ᠂
ᠮᠠᠩᠨᠤᠭ ᠳᠠᠯ᠎ᠠ ᠳᠤ ᠴᠢᠨᠢ ᠮᠠᠩᠬ᠎ᠠ ᠠᠬᠠᠳᠤᠵᠤ
ᠮᠠᠯ ᠶᠢᠡᠨ ᠮᠠᠯᠯᠠᠬᠤ ᠪᠠᠯᠴᠢᠭᠡᠷ ᠦᠭᠡᠶ ᠪᠣᠯᠪᠠᠯ
ᠮᠠᠨᠠᠢ᠌ᠭᠢᠨ ᠳᠤ ᠢᠷᠠᠵᠤ ᠣᠳᠤᠷᠯᠠᠭᠠᠷᠠᠢ ᠭᠡᠭᠦ ᠰᠢᠭ᠌
ᠮᠢᠷᠠᠯᠵᠠᠬᠤ ᠰᠤᠯᠤᠩᠭ᠋᠎ᠠ ᠭᠦᠭᠦᠷᠭᠡ ᠳᠠᠳᠠᠨ᠎ᠠ
ᠠᠯᠳᠠᠨ ᠭᠦᠭᠦᠷᠭᠡ ᠪᠠᠷ ᠨᠢ ᠠᠮᠵᠢᠵᠤ ᠪᠢᠳᠠᠨ
ᠠᠭᠳᠠ ᠲᠡᠶ ᠪᠠᠨ ᠴᠤᠭ ᠮᠠᠴᠤᠵᠤ ᠦᠵᠡᠶ᠎ᠠ ᠭᠡᠵᠤ
ᠪᠣᠷᠭᠠᠰᠤᠨ ᠭᠦᠯᠦᠭ᠌ ᠲᠡᠶ ᠭᠡᠳᠤᠨ ᠬᠡᠦᠬᠡᠳ
ᠪᠠᠶᠠᠰᠤᠯᠳᠤᠨ ᠢᠨᠢᠶᠡᠯᠳᠦᠭ᠍ᠰᠡᠭᠡᠷ ᠰᠤᠯᠤᠩᠭ᠋᠎ᠠ ᠶᠢ ᠴᠢᠭ᠍ᠯᠡᠨᠡ
ᠲ᠋ᠠᠪᠭᠢᠭᠠᠤᠨ ᠭᠦᠷᠭᠦ ᠳᠤ ᠵᠠᠢ᠌ᠯᠠᠭᠠᠤᠨ ᠶᠠᠪᠣᠳᠠᠭ
ᠲᠤᠩ ᠴᠤ ᠶᠸᠯᠢ ᠲᠡᠶ ᠰᠤᠯᠤᠩᠭ᠋᠎ᠠ ᠪᠠᠢ᠌ᠨ᠎ᠠ ᠭᠡᠵᠤ
ᠠᠰᠠᠯᠠᠭᠠᠤᠨ ᠭᠦᠷᠦᠭ᠍ᠰᠡᠨ ᠭᠡᠳᠤᠨ ᠬᠡᠦᠭᠡᠳ
ᠠᠷᠤ ᠳᠤᠬᠤ ᠪᠠᠨ ᠮᠠᠭᠠᠵᠢᠵᠤ ᠵᠤᠭᠰᠤᠨ᠎ᠠ
ᠲᠦᠷᠦᠯᠭᠢ ᠭᠡᠯᠡ ᠶᠢᠡᠨ ᠰᠠᠢ᠌ᠨ ᠰᠤᠷᠴᠢᠬᠠᠪᠠᠯ
ᠳᠡᠭ᠍ᠷᠢ ᠳᠤ ᠭᠠᠷᠬᠤ ᠵᠢᠭᠦᠷ ᠲᠡᠶ ᠪᠣᠯᠤᠨ᠎ᠠ ᠭᠡᠵᠤ
ᠪᠠᠭᠰᠢ ᠶᠢᠨ ᠵᠠᠭᠢᠭᠰᠠᠨ ᠢ ᠴᠡᠭᠡᠵᠢᠯᠡᠭᠡ ᠪᠣᠯᠤᠯᠳᠠᠢ
ᠪᠣᠷᠭᠠᠰᠤᠨ ᠮᠤᠷᠢᠨ ᠳᠠᠭᠠᠨ ᠳᠠᠭᠢᠨ ᠮᠤᠷᠳᠠᠵᠠᠭᠠᠯᠠ
ᠡᠨ᠂ ᠡ᠂ ᠡᠢ ᠭᠡᠵᠤ ᠠᠶᠠᠯᠠᠭᠤᠯᠤᠨ ᠳᠠᠭᠤᠯᠠᠬᠤ ᠳᠤ
ᠠᠯᠳᠠᠨ ᠭᠤᠤᠷᠭᠤᠯᠳᠠᠢ ᠴᠤ ᠪᠠᠶᠠᠰᠤᠨ ᠳᠤᠩᠭ᠋ᠤᠤᠠᠴᠤ
ᠠᠯᠠᠭ ᠴᠡᠴᠡᠭ᠌ ᠪᠠᠳᠠᠷᠠᠨ ᠳᠡᠯᠭᠡᠭᠡᠳ
ᠠᠷᠢᠯᠤᠭᠰᠠᠨ ᠰᠤᠯᠤᠩᠭ᠋᠎ᠠ ᠴᠤ ᠳᠠᠭᠢᠨ ᠳᠤᠳᠤᠷᠠᠯ᠎ᠠ᠂᠂
2009᠂ ᠪᠠᠭᠡᠵᠢᠩ ᠳ᠋ᠤ
ᠵᠤᠬᠢᠶᠠᠭᠴᠢ ᠶᠢᠨ ᠬᠠᠶᠢᠭ ᠄ ᠪᠠᠭᠡᠵᠢᠩ ᠤᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ