ᠨᠡᠪᠲᠡᠷᠡᠨ ᠤᠷᠤᠬᠤ
ᠰᠤᠨᠢᠬᠠᠨ

ᠴᠠᠪ ᠴᠠᠭᠠᠨ ᠴᠢᠷᠠᠢ ᠶᠢ ᠨᠢ ᠴᠢᠮᠡᠭᠦ  

       ᠨᠠᠷᠢᠨ ᠬᠠᠷ᠎ᠠ ᠭᠦᠮᠦᠰᠭᠡ  

ᠢᠯᠳᠠᠮᠬᠠᠨ ᠮᠦᠰᠢᠶᠠᠯ ᠭᠡᠷᠡᠯᠳᠦᠭᠦᠯᠦᠭ᠍ᠰᠡᠨ  

       ᠵᠤᠵᠠᠭᠠᠨ ᠭᠦᠷᠡᠩ ᠣᠷᠤᠭᠤᠯ ᠨᠢ  

ᠪᠠᠯ ᠪᠣᠷᠠᠮ ᠮᠠᠳᠤ ᠰᠡᠳᠭᠢᠭ᠍ᠳᠡᠯ ᠳᠦᠷᠦᠭᠦᠯᠭᠦ ᠨᠢ ᠰᠤᠨᠢᠬᠠᠨ ︕   

  

ᠰᠢᠷᠪᠢᠭᠦ ᠬᠠᠷᠠᠴᠠᠨ ᠳᠤ ᠮᠢᠨᠢ ᠮᠦᠷᠭᠦᠭ᠍ᠰᠡᠨ  

       ᠢᠴᠢᠭ᠍ᠰᠡᠨ ᠭᠡᠦᠭᠡᠨ ᠤ ᠢᠨᠢᠶᠡᠮᠰᠦᠭᠯᠡᠯ  

ᠰᠢᠯᠢᠨ ᠭᠦᠵᠦᠭᠦᠤ ᠣᠷᠤᠭᠤ ᠨᠢ ᠮᠤᠰᠭᠢᠷᠠᠭᠰᠠᠨ  

       ᠦᠳᠭᠡᠨ ᠬᠠᠷ᠎ᠠ ᠭᠡᠵᠢᠭᠡ ᠨᠢ  

ᠬᠠᠢ᠌ᠷᠠᠯᠠᠵᠤ ᠬᠠᠢ᠌ᠷᠠᠯᠠᠭᠤᠯᠮᠠᠷ ᠪᠣᠳᠤᠯ ᠣᠷᠤᠳᠠᠭ ᠨᠢ ᠰᠤᠨᠢᠬᠠᠨ ︕   

      

ᠭᠦᠮᠤᠨ ᠶᠢᠡᠷ ᠰᠠᠨᠠᠭᠤᠯᠵᠤ ᠭᠦᠮᠤᠨ ᠪᠣᠯᠭᠠᠨ ᠶᠢᠡᠷ ᠬᠠᠢ᠌ᠷᠠᠯᠠᠭᠤᠯᠤᠨ᠎ᠠ ᠭᠡᠳᠡᠭ᠌  

        ᠲ᠋ᠡᠩᠳᠡᠭᠦᠤ ᠰᠠᠢ᠌ᠬᠠᠨ ᠮᠦᠷᠦᠭᠡᠳᠦᠯ  

ᠭᠦᠮᠤᠨ ᠢ ᠬᠠᠢ᠌ᠷᠠᠯᠠᠵᠤ ᠭᠦᠮᠤᠨ ᠳᠤ ᠬᠠᠢ᠌ᠷᠠᠯᠠᠭᠤᠯᠬᠤ ᠭᠡᠳᠡᠭ᠌  

        ᠥᠨᠡᠭᠡᠷ ᠠᠵᠠ ᠵᠢᠷᠭᠠᠯ ᠡ  

ᠢᠩᠭᠢᠵᠤ ᠪᠣᠳᠤᠨ᠎ᠠ ᠭᠡᠭ᠍ᠴᠢ ᠪᠣᠳᠠᠳᠤ ᠪᠠᠢ᠌ᠳᠠᠯ ᠭᠦᠷᠭᠦ ᠳ᠋ᠤ  

        ᠲ᠋ᠤᠩ ᠤᠢ᠌ᠷᠬᠠᠨ ᠪᠠᠢ᠌ᠬᠤ ᠶᠤᠮ ᠰᠢᠭ ᠰᠤᠨᠢᠬᠠᠨ ︕   

  

  

ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠵᠢᠨ 2009 ᠣᠨ ᠤ ᠰᠤᠷᠪᠣᠯᠵᠢᠯᠭ᠎ᠠ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2011 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ