ᠨᠡᠪᠲᠡᠷᠡᠨ ᠤᠷᠤᠬᠤ
ᠨᠢ᠋ᠮᠠᠨ ᠰᠢᠷᠭ᠎ᠠ

ᠨᠢ᠋ᠮᠠᠨ ᠰᠢᠷᠭ᠎ᠠ ᠶᠢᠨ

ᠨᠠᠮᠤᠷᠵᠢᠩ ᠳᠤ

ᠳᠡᠯᠡᠭᠡᠢ ᠦᠷᠠᠯᠠᠵᠤ ᠵᠢᠮᠢᠰᠯᠡᠭᠡᠤᠨ

ᠨᠢᠭᠡ ᠵᠢᠷᠮᠦᠰᠦᠯᠡᠭ᠍ᠰᠡᠨ ᠶᠤᠮ

ᠨᠢ᠋ᠮᠠᠨ ᠰᠢᠷᠭ᠎ᠠ ᠶᠢᠨ

ᠲ᠋ᠠᠯᠠᠨ ᠳᠡᠭᠡᠷ᠎ᠡ

ᠳᠡᠭ᠍ᠷᠢ ᠡᠭᠦᠯᠡᠰᠢᠵᠤ ᠪᠣᠷᠤᠭᠠᠯᠠᠭᠠᠤᠨ

ᠨᠢᠭᠡ ᠭᠡᠭᠡᠷᠡᠭ᠍ᠰᠡᠨ ᠶᠤᠮ

ᠨᠢ᠋ᠮᠠᠨ ᠰᠢᠷᠭ᠎ᠠ ᠶᠢᠨ

ᠨᠢᠷᠤᠭᠤᠨ ᠳᠡᠭᠡᠷᠡᠭᠢ

ᠮᠥᠩᠭᠦᠨ ᠡᠮᠡᠭᠡᠯ ᠤᠨ

ᠪᠦᠭᠦᠷᠭᠡᠨ ᠵᠠᠪᠰᠠᠷ

ᠨᠠᠷᠠ ᠨᠢᠭᠡ

ᠥᠡᠵᠢᠭᠡᠤᠨ ᠭᠠᠷᠤᠭᠰᠠᠨ

ᠰᠠᠷᠠ ᠨᠢᠭᠡ

ᠬᠤᠨᠤᠭᠠᠤᠨ ᠮᠤᠷᠳᠠᠭᠰᠠᠨ

ᠨᠢ᠋ᠮᠠᠨ ᠰᠢᠷᠭ᠎ᠠ ᠶᠢᠨ

ᠬᠠᠯᠠᠭᠤᠨ ᠠᠮᠢᠰᠬᠤᠭᠠᠨ ᠳᠤ

ᠮᠤᠩᠭ᠋ᠤᠯ ᠭᠦᠮᠤᠨ ᠭᠦᠯᠦᠷᠡᠵᠤ

ᠨᠢᠭᠡ ᠳᠤᠯᠠᠭᠠᠴᠠᠭᠰᠠᠨ

ᠨᠢ᠋ᠮᠠᠨ ᠰᠢᠷᠭ᠎ᠠ ᠶᠢᠨ

ᠬᠠᠳᠠᠷᠢᠭᠠᠨ ᠳᠤ

ᠮᠤᠩᠭ᠋ᠤᠯ ᠡᠷ᠎ᠡ ᠳᠠᠮᠢᠷᠵᠢᠵᠤ

ᠨᠢᠭᠡ ᠭᠦᠴᠦᠷᠭᠡᠭ᠍ᠵᠢᠭ᠍ᠰᠡᠨ

ᠨᠢ᠋ᠮᠠᠨ ᠰᠢᠷᠭ᠎ᠠ ᠶᠢᠨ

ᠥᠤᠷᠰᠡᠭᠡᠨ ᠳᠤ

ᠭᠦᠪᠴᠢᠨ ᠬᠤᠷᠸ᠎ᠠ

ᠣᠶᠠᠷᠠᠵᠤ ᠨᠢᠭᠡ ᠰᠤᠭᠳᠤᠭᠤᠷᠤᠭᠰᠠᠨ

ᠨᠢ᠋ᠮᠠᠨ ᠰᠢᠷᠭ᠎ᠠ ᠶᠢᠨ

ᠳᠦᠷᠪᠠᠭᠡᠨ ᠳᠤ

ᠭᠦᠭᠡ ᠮᠥᠩᠭᠦᠨ ᠣᠭᠳᠠᠷᠭᠤᠢ

ᠥᠷᠭᠦᠵᠤ ᠨᠢᠭᠡ ᠰᠤᠴᠢᠭᠰᠠᠨ ᠶᠤᠮ

ᠨᠢ᠋ᠮᠠᠨ ᠰᠢᠷᠭ᠎ᠠ ᠶᠢᠨ

ᠴᠠᠪᠴᠢᠯᠠᠭᠰᠠᠨ ᠳᠦᠷᠪᠡᠨ ᠳᠤᠭᠤᠷᠠᠢ

ᠨᠡᠭᠦᠳᠡᠯᠴᠢᠨ ᠠᠮᠢᠳᠤᠷᠠᠯ ᠤᠨ ᠵᠠᠮ ᠳᠤ

ᠴᠠᠭᠢᠯᠵᠤ ᠨᠢᠭᠡ ᠰᠤᠯᠤᠩᠭ᠋ᠠᠷᠠᠭᠰᠠᠨ ᠶᠤᠮ

ᠨᠢ᠋ᠮᠠᠨ ᠰᠢᠷᠭ᠎ᠠ ᠶᠢᠨ

ᠭᠦᠶ‍ᠦᠳᠡᠯ ᠡᠴᠡ ᠪᠣᠰᠤᠭᠰᠠᠨ ᠳᠤᠭᠤᠰᠤᠨ ᠳᠤ

ᠢᠰᠡᠭᠡᠢ ᠳᠤᠭᠤᠷᠭᠠᠳᠠᠨ ᠤ

ᠪᠢᠳᠡᠭᠦᠤ ᠭᠤᠨᠢᠭ

ᠢᠪᠠᠷᠠᠵᠤ ᠨᠢᠭᠡ ᠠᠶᠤᠩᠭ᠋ᠠᠷᠠᠭᠰᠠᠨ

ᠨᠢ᠋ᠮᠠᠨ ᠰᠢᠷᠭ᠎ᠠ ᠶᠢᠨ

ᠡᠮᠡᠭᠡᠯ ᠣᠳᠤ

ᠡᠵᠡᠨ ᠶᠢᠡᠨ ᠥᠭᠡᠢ᠌ᠯᠡᠭᠡᠤᠨ

ᠡᠯᠦᠢ ᠬᠤᠯᠤᠢ

ᠨᠢ᠋ᠮᠠᠨ ᠰᠢᠷᠭ᠎ᠠ ᠶᠢᠨ

ᠡᠵᠡᠨ ᠢᠨᠤ

ᠡᠮᠡᠭᠡᠯ ᠡᠴᠡ ᠪᠠᠨ ᠭᠤᠯᠤᠭᠳᠠᠭᠠᠤᠨ

ᠡᠯᠡᠷ ᠪᠠᠯᠠᠷ ᠁᠁

ᠵᠤᠬᠢᠶᠠᠭᠴᠢ᠄ ᠳᠤᠪᠯᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3381
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ