ᠨᠡᠪᠲᠡᠷᠡᠨ ᠤᠷᠤᠬᠤ
ᠮᠤᠩᠭ᠋ᠤᠯ ᠳᠤ ᠪᠢ ᠳᠦᠷᠦᠭ᠍ᠰᠡᠨ

ᠳᠠᠭᠤᠯᠠᠭᠠᠤᠨ ᠬᠠᠨᠤᠰᠢ ᠦᠭᠡᠶ ᠨᠤᠳᠤᠭ ᠤᠨ ᠶᠢᠡᠨ

ᠳᠤᠮᠳᠠ ᠨᠢ ᠳᠠᠰᠤᠷᠠᠬᠤ ᠦᠭᠡᠶ ᠠᠶᠠᠯᠭᠤ ᠰᠢᠭ

ᠳᠤᠯᠤᠭᠠᠨ ᠡᠭᠡᠰᠢᠭ᠌ ᠤᠨ ᠭᠢᠨᠢ ᠨᠢᠭᠡ ᠨᠢ ᠪᠣᠯᠵᠤ

ᠳᠠᠭᠤᠯᠠᠬᠤ ᠭᠡᠵᠤ ᠳᠦᠷᠦᠭ᠍ᠰᠡᠨ ᠶᠤᠮ ᠪᠢ

ᠬᠠᠢ᠌ᠯᠠᠭᠠᠤᠨ ᠪᠠᠷᠠᠰᠢ ᠦᠭᠡᠶ ᠳᠡᠦᠭᠡ ᠶᠢᠨ ᠶᠢᠡᠨ

ᠬᠠᠷᠭᠢᠷᠠᠭᠠᠨ ᠳ᠋ᠤᠨᠢ ᠴᠡᠴᠡᠷᠡᠭᠦ ᠢᠰᠭᠡᠷᠦᠭᠡ ᠰᠢᠭ᠌

ᠬᠤᠭᠤᠷ ᠤᠨ ᠭᠢᠯᠭᠠᠰᠤᠨ ᠤ ᠭᠢᠨᠢ ᠨᠢᠭᠡ ᠨᠢ ᠪᠣᠯᠵᠤ

ᠬᠠᠢ᠌ᠯᠠᠬᠤ ᠭᠡᠵᠤ ᠳᠦᠷᠦᠭ᠍ᠰᠡᠨ ᠶᠤᠮ ᠪᠢ

ᠮᠠᠯ ᠳᠤ ᠬᠠᠢ᠌ᠷᠠᠳᠠᠢ ᠠᠪᠣ ᠶᠢᠨ ᠶᠢᠡᠨ

ᠳᠠᠯ᠎ᠠ ᠰᠢᠭ ᠠᠭᠤᠵᠢᠭᠤ ᠰᠡᠳᠭᠢᠯ ᠢ ᠨᠢ ᠦᠪᠯᠠᠵᠤ

ᠳᠠᠩᠰᠤᠭ ᠪᠠᠶᠠᠨ ᠪᠠᠢ᠌ᠭᠠᠯᠢ ᠳᠠᠭᠠᠨ

ᠳᠠᠪᠠ ᠪᠠᠷ ᠶᠢᠡᠨ ᠠᠮᠢᠳᠤᠷᠠᠬᠤ

ᠬᠤᠰᠢᠭᠤ ᠳᠡᠪᠢᠰᠳᠡᠭ᠌ ᠡᠵᠢ ᠶᠢᠨ ᠶᠢᠡᠨ

ᠬᠤᠷᠸ᠎ᠠ ᠳᠤ ᠪᠠᠭᠳᠠᠬᠤ ᠦᠭᠡᠶ ᠳᠠᠷᠠ ᠬᠠᠢ᠌ᠷ᠎ᠠ ᠪᠠᠷ

ᠠᠯᠠᠭ ᠦᠷ᠎ᠡ ᠠᠮᠠᠷᠠᠭ ᠪᠦᠰᠡᠭᠦᠢ ᠪᠠᠨ ᠬᠠᠢ᠌ᠷᠠᠯᠠᠵᠤ

ᠡᠯᠢᠭᠡ ᠪᠦᠳᠤᠨ ᠵᠢᠷᠭᠠᠬᠤ ᠭᠡᠵᠤ

ᠮᠤᠩᠭ᠋ᠤᠯ ᠳᠤ ᠪᠢ ᠳᠦᠷᠦᠭ᠍ᠰᠡᠨ ᠶᠤᠮ

ᠳᠡᠭ᠍ᠷᠢ ᠪᠠᠭᠠᠨᠠᠳᠠᠭᠰᠠᠨ ᠠᠭᠤᠯᠠᠰ ᠤᠨ ᠶᠢᠡᠨ

ᠡᠩᠭᠡᠷ ᠲᠤ ᠣᠷᠭᠤᠭᠰᠠᠨ ᠴᠡᠴᠡᠭᠡᠰ ᠤᠨ ᠳᠤᠮᠳᠠ

ᠱᠤᠩᠬᠤᠷ ᠤᠨ ᠵᠤᠯᠵᠠᠭ᠎ᠠ ᠰᠢᠭ ᠳᠡᠷᠪᠠᠭᠦ ᠭᠡᠵᠤ

ᠳᠤᠩᠭ᠋ᠠᠯᠠᠭ ᠠᠷᠢᠭᠤᠨ ᠮᠦᠷᠠᠨ ᠭᠤᠤᠯ ᠤᠨ ᠶᠢᠡᠨ

ᠣᠶᠠᠩᠭ᠋ᠠᠯᠠᠭ ᠢᠷᠠᠭᠤ ᠣᠷᠤᠰᠬᠠᠯ ᠳ᠋ᠤᠨᠢ

ᠠᠩᠭᠢᠷ ᠤᠨ ᠳᠡᠭ᠍ᠳᠡᠭᠡᠭᠡᠢ ᠰᠢᠭ᠌ ᠱᠤᠮᠪᠠᠬᠤ ᠭᠡᠵᠤ

ᠬᠠᠪᠳᠠᠭᠠᠢ ᠶᠢᠨ ᠰᠥ᠋ ᠭᠠᠵᠠᠷ ᠲᠤ ᠡᠭᠡᠳᠡᠭ᠍ᠰᠡᠨ

ᠬᠠᠷᠴᠠᠭᠠᠢ ᠴᠠᠩᠭ᠋ᠠᠬᠤ ᠬᠠᠯᠠᠭᠤᠨ ᠭᠤᠪᠢ ᠳᠠᠭᠠᠨ

ᠬᠠᠷᠭᠠᠨ᠎ᠠ ᠰᠢᠭ ᠰᠦᠷᠴᠤ ᠣᠷᠭᠤᠬᠤ ᠭᠡᠵᠤ

ᠮᠤᠩᠭ᠋ᠤᠯ ᠳᠤ ᠪᠢ ᠳᠦᠷᠦᠭ᠍ᠰᠡᠨ ᠶᠤᠮ

ᠠᠷᠠᠤᠨ ᠤᠨ ᠣᠳᠤᠮᠰᠢᠯ ᠶᠢᠡᠨ ᠬᠠᠳᠠᠭᠠᠯᠠᠭᠰᠠᠨ

ᠠᠪᠣᠷᠭᠤ ᠳᠦᠷᠦᠳᠡᠭ᠌ ᠨᠠᠭᠠᠳᠤᠮ ᠳᠠᠭᠠᠨ ᠵᠤᠳᠤᠭᠯᠠᠵᠤ

ᠠᠮᠠᠨ ᠣᠭᠳᠤᠭᠤᠯ ᠨᠢ ᠪᠣᠯᠵᠤ ᠪᠠᠷᠢᠯᠳᠤᠬᠤ ᠭᠡᠵᠤ

ᠭᠦᠯᠦᠷᠡᠭᠡᠳ ᠢᠷᠡᠳᠡᠭ᠌ ᠮᠤᠷᠢᠳ ᠤᠨ ᠶᠢᠡᠨ

ᠭᠦᠷᠪᠠᠭᠡᠳ ᠥᠣᠷᠰᠡᠭᠦ ᠰᠢᠷᠤᠢ ᠶᠢ ᠨᠢ ᠠᠳᠬᠤᠵᠤ

ᠬᠤᠷᠳᠤ ᠰᠢᠠᠳᠠᠰᠤ ᠶᠢ ᠨᠢ ᠬᠤᠷᠴᠠᠯᠠᠬᠤ ᠭᠡᠵᠤ

ᠢᠰᠭᠡᠷᠦᠭᠡᠳ ᠭᠠᠷᠬᠤ ᠰᠤᠮᠤᠨ ᠤ ᠭᠢᠨᠢ

ᠡᠭ᠍ᠴᠡᠯᠡᠭᠡᠳ ᠣᠨᠤᠳᠠᠭ ᠵᠤᠷᠢᠭ ᠢ ᠨᠢ ᠰᠤᠷᠢᠵᠤ

ᠡᠷᠡᠭᠡᠢ ᠶᠢᠨ ᠭᠦᠴᠤ ᠪᠠᠨ ᠰᠢᠯᠭᠠᠬᠤ ᠭᠡᠵᠤ

ᠮᠤᠩᠭ᠋ᠤᠯ ᠳᠤ ᠪᠢ ᠳᠦᠷᠦᠭ᠍ᠰᠡᠨ ᠶᠤᠮ

ᠳᠡᠭ᠍ᠷᠢᠯᠢᠭ᠌ ᠴᠠᠢ᠌ᠯᠭᠠᠨ ᠠᠷᠠᠤᠨ ᠲᠦᠮᠡᠨ ᠲᠡᠶ ᠪᠠᠨ

ᠥᠡᠳᠦᠷᠯᠢᠭ᠌ ᠤᠨ ᠠᠭᠤᠳᠠᠮ ᠨᠤᠳᠤᠭ ᠳᠠᠠᠭᠠᠨ

ᠥᠯᠢᠭᠡᠷ ᠶ‍ᠦᠮᠰᠢᠭ᠌ ᠠᠮᠢᠳᠤᠷᠠᠬᠤ ᠭᠡᠵᠤ

ᠪᠦᠯᠢ ᠨᠡᠮᠡᠭᠦ ᠳᠦᠭᠡᠷᠭᠡ ᠲᠡᠶ ᠽᠠᠮᠪᠣᠯᠢᠩ ᠳᠤ

ᠪᠦᠰᠡᠭᠦᠢ ᠬᠤᠩᠭ᠋ᠤᠷ ᠲᠡᠶ ᠪᠠᠨ ᠬᠤᠤᠰᠯᠠᠨ ᠵᠢᠷᠭᠠᠵᠤ

ᠪᠦᠪᠠᠢ ᠠᠶᠠᠯᠤᠵᠤ ᠦᠷ᠎ᠡ ᠶᠢᠨ ᠵᠤᠯᠠᠢ ᠥᠨᠦᠷᠯᠡᠭᠦ ᠭᠡᠵᠤ

ᠵᠢᠷᠤᠭᠰᠠᠨ ᠡᠴᠡ ᠪᠠᠨ ᠢᠯᠡᠭᠦᠤ ᠭᠤᠸ᠎ᠠ ᠳᠦᠷᠦᠳᠡᠭ᠌

ᠵᠠᠯᠠᠭᠤᠬᠠᠨ ᠪᠦᠰᠡᠭᠦᠢ ᠳᠤ ᠭᠡᠨᠡᠭᠡᠨ ᠳᠤᠷᠠᠯᠠᠵᠤ

ᠬᠠᠯᠠᠭᠤᠬᠠᠨ ᠵᠢᠷᠦᠭᠡ ᠪᠠᠨ ᠳᠤᠭᠳᠤᠯᠤᠭᠤᠯᠬᠤ ᠭᠡᠵᠤ

ᠰᠠᠢ᠌ᠬᠠᠨ ᠮᠤᠩᠭ᠋ᠤᠯ ᠨᠤᠳᠤᠭ ᠲᠠᠭᠠᠨ ᠪᠢ

ᠰᠠᠯᠭᠢ ᠲᠡᠶ ᠨᠠᠢ᠌ᠷᠠᠭᠴᠢ ᠰᠢᠭ ᠶᠠᠭᠠᠷᠠᠵᠤ ᠳᠦᠷᠦᠭ᠍ᠰᠡᠨ

ᠡᠭᠦᠯᠡᠰ ᠨᠢ ᠊ᠭ᠍‍ᠭᠢᠷᠳᠦᠳᠡᠭ᠌ ᠦᠭᠡᠶ ᠭᠦᠭᠡ ᠳᠡᠭ᠍ᠷᠢ ᠳᠡᠭᠡᠨ

ᠠᠭᠤᠯᠠᠰ ᠶᠢᠠᠨ ᠪᠠᠷᠠᠭᠠᠳᠠᠭᠰᠠᠨ ᠪᠦᠷᠭᠦᠤᠨ ᠰᠢᠭ᠌ ᠳᠡᠭᠦᠯᠢᠭᠦ

ᠠᠢ᠌ᠷᠠᠭ ᠰᠢᠭ ᠱᠤᠤᠭᠢᠭᠰᠠᠨ ᠭᠡᠯᠡ ᠰᠤᠶᠤᠯ ᠡᠴᠡ ᠪᠠᠨ

ᠨᠠᠢ᠌ᠷᠠᠭ ᠤᠨ ᠪᠠᠳᠠᠭ ᠤᠳ ᠭᠡᠯᠭᠢᠭᠦ ᠭᠡᠵᠤ

ᠵᠥᠯᠭᠡ ᠨᠤᠭᠤᠭᠠᠨ ᠳᠠᠯ᠎ᠠ ᠳᠠᠭᠠᠨ ᠰᠤᠭᠳᠤᠭᠤᠷᠠᠵᠤ

ᠰᠢᠯᠦᠭ᠌ ᠤᠨ ᠰᠡᠳᠭᠢᠯ ᠰᠢᠭ᠌ ᠥᠭᠡᠳᠡᠷᠡᠭ᠌ ᠶᠠᠪᠣᠬᠤ ᠭᠡᠵᠤ

ᠰᠢᠭᠦᠳᠡᠷᠢ ᠶᠢᠨ ᠳᠤᠰᠤᠯ ᠰᠢᠭ ᠠᠬᠠᠷᠬᠠᠨ ᠨᠠᠰᠤᠨ ᠳᠠᠭᠠᠨ

ᠰᠡᠭᠦᠳᠡᠷ ᠲᠤ ᠳᠠᠭᠠᠷᠠᠬᠤ ᠦᠭᠡᠶ ᠠᠮᠢᠳᠤᠷᠠᠬᠤ ᠭᠡᠵᠤ

ᠬᠠᠢ᠌ᠷᠠᠳᠠᠢ ᠮᠤᠩᠭ᠋ᠤᠯ ᠨᠤᠳᠤᠭ ᠲᠠᠭᠠᠨ ᠪᠢ

ᠬᠠᠳᠠᠷᠢ ᠲᠡᠶ ᠮᠤᠷᠢ ᠰᠢᠭ ᠳᠠᠮᠠᠤᠯᠠᠵᠤ ᠳᠦᠷᠦᠭ᠍ᠰᠡᠨ

ᠰᠦᠨ ᠤ ᠦᠨᠦᠷ ᠲᠡᠶ ᠴᠠᠢ ᠪᠠᠨ ᠠᠮᠰᠠᠬᠤ ᠭᠡᠵᠤ

ᠳᠠᠭᠤᠨ ᠤ ᠰᠤᠨᠤᠷ ᠲᠡᠶ ᠰᠠᠯᠭᠢ ᠪᠠᠷ ᠥᠨᠦᠰᠦᠭᠦᠯᠭᠦ ᠭᠡᠵᠤ

ᠪᠣᠰᠤᠭ᠎ᠠ ᠭᠡᠢ᠌ᠮᠦᠷᠢ ᠲᠡᠶ ᠭᠡᠯᠡ ᠪᠠᠷ ᠶᠢᠡᠨ ᠪᠠᠬᠠᠷᠬᠠᠬᠤ ᠭᠡᠵᠤ

ᠵᠤᠭᠰᠤᠭ᠎ᠠ ᠵᠠᠶᠠᠭ᠎ᠠ ᠲᠡᠶ ᠣᠳᠤᠮ ᠶᠢᠡᠨ ᠵᠠᠯᠭᠠᠬᠤ ᠭᠡᠵᠤ

ᠭᠡᠨᠳᠡᠢ ᠶᠢᠨ ᠰᠤᠳᠤᠨ ᠣᠷᠭᠢᠯ ᠳᠠᠭᠠᠨ ᠮᠥᠷᠭᠦᠵᠤ ᠠᠳᠢᠰᠯᠠᠬᠤ ᠭᠡᠵᠤ

ᠭᠡᠷᠦᠯᠤᠨ ᠤ ᠷᠠᠰᠢᠶᠠᠨ ᠣᠰᠤᠨ ᠡᠴᠡ ᠪᠠᠨ ᠰᠥᠭᠦᠷᠡᠵᠤ ᠭᠦᠷᠳᠡᠭᠦ ᠭᠡᠵᠤ

ᠪᠣᠷᠬᠠᠨ ᠤ ᠰᠥᠵᠢᠭ᠌ ᠲᠡᠶ ᠳᠤᠮᠤᠭ ᠳᠤᠨᠢ ᠰᠢᠳᠦᠭᠦ ᠭᠡᠵᠤ

ᠰᠤᠷᠬᠠᠨ ᠤ ᠰᠤᠷᠭᠠᠯ ᠲᠡᠶ ᠣᠮᠤᠭ ᠳᠤᠨᠢ ᠰᠢᠳᠠᠬᠤ ᠭᠡᠵᠤ

ᠠᠭᠤᠳᠠᠮ ᠮᠤᠩᠭ᠋ᠤᠯ ᠨᠤᠳᠤᠭ ᠲᠠᠭᠠᠨ ᠪᠢ

ᠠᠭᠤᠯᠠ ᠶᠢᠨ ᠦᠶᠡᠷ ᠰᠢᠭ᠌ ᠳᠠᠮᠠᠤᠯᠠᠵᠤ ᠳᠦᠷᠦᠭ᠍ᠰᠡᠨ

ᠨᠢ᠋ᠮᠠᠨ ᠵᠠᠭᠤᠨ ᠳᠡᠦᠭᠡ ᠲᠡᠶ

ᠶ‍ᠢᠰᠤᠨ ᠡᠷᠳᠡᠨᠢ ᠶᠢᠨ ᠨᠤᠳᠤᠭ ᠲᠠᠭᠠᠨ ᠪᠢ

ᠳᠠᠪᠣ ᠡᠷᠳᠡᠨᠢ ᠶᠢᠨ ᠰᠥᠷᠦᠭ᠌ ᠲᠡᠶ ᠪᠠᠨ

ᠲᠦᠮᠡᠨ ᠦᠶ᠎ᠡ ᠠᠮᠢᠳᠤᠷᠠᠬᠤ ᠭᠡᠵᠤ

ᠳᠤᠯᠤᠭᠠᠨ ᠪᠣᠷᠬᠠᠨ ᠤ ᠢᠪᠠᠭᠡᠯ ᠳᠤ ᠪᠠᠭᠳᠠᠵᠤ

ᠮᠤᠩᠭ᠋ᠤᠯ ᠳᠠᠭᠠᠨ ᠪᠢ ᠳᠦᠷᠦᠭ᠍ᠰᠡᠨ ᠶᠤᠮ ᠡ


ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ

ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3067
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ