ᠨᠡᠪᠲᠡᠷᠡᠨ ᠤᠷᠤᠬᠤ
ᠴᠢᠯᠦᠭᠡ ᠭᠤᠶᠤᠬᠤ ᠪᠢᠴᠢᠭ᠌

ᠴᠠᠭᠠᠨ ᠰᠠᠷ᠎ᠠ ᠶᠢᠨ ᠰᠢᠨ᠎ᠠ ᠶᠢᠨ ᠳᠦᠷᠪᠠᠨ ᠤ ᠡᠳᠦᠷ ᠭᠠᠯᠳᠠᠨ ᠠᠬ᠎ᠠ ᠶᠢᠨ ᠨᠠᠢ᠌ᠷ ᠤᠨ ᠰᠢᠷᠡᠭᠡᠨ ᠡᠴᠡ ᠴᠠᠭ ᠤᠨ ᠬᠠᠷᠠᠭ᠎ᠠ ᠪᠠᠷ ᠣᠴᠢᠷ ᠲᠡᠶ ᠪᠣᠯᠤᠭᠰᠠᠨ ᠳᠤᠯᠠ ᠣᠠᠴᠠᠭᠠᠢ᠌ᠯᠠᠨ ᠴᠢᠯᠦᠭᠡ ᠭᠤᠶᠤᠵᠤ ᠪᠠᠢ᠌ᠨ᠎ᠠ᠃ ᠬᠤᠵᠢᠮ ᠴᠠᠭ ᠢ ᠠᠮᠵᠢᠭᠤᠯᠵᠤ ᠨᠥᠭᠦᠪᠦᠷᠢᠯᠡᠭᠦ ᠶᠢ ᠪᠠᠳᠤᠯᠠᠵᠤ᠂ ᠰᠢᠨ᠎ᠠ ᠶᠢᠨ ᠳᠠᠪᠤᠨ ᠳᠤ ᠭᠡᠷ ᠪᠦᠯᠢ ᠪᠠᠷ ᠨᠢ ᠭᠡᠷ ᠲᠡᠭᠡᠨ ᠣᠷᠢᠵᠤ ᠪᠠᠢ᠌ᠨ᠎ᠠ 12 ᠴᠠᠭ ᠲᠤ᠃


ᠡᠭᠦᠨ᠎ᠡ ᠳᠡᠭᠦᠤ ᠨᠤᠷᠳᠤᠭᠵᠠᠪ

ᠠᠯᠳᠠᠨ ᠡᠴᠡ

1994 ᠣᠨ ᠤ 2 ᠰᠠᠷ᠎ᠠ ᠶᠢᠨ 14 ᠊ᠤ ᠡᠳᠦᠷ


ᠡᠢ᠌ᠮᠤ ᠨᠢᠭᠡᠨ ᠶᠠᠷᠤ ᠶᠢᠨ ᠪᠢᠴᠢᠶᠠᠰᠤ ᠮᠢᠨᠤ ᠡᠳᠦᠷ ᠤᠨ ᠳᠡᠮᠳᠡᠭᠯᠡᠯ ᠳᠤ ᠮᠥᠩᠭᠡ ᠶᠢᠨ ᠳᠤᠷᠠᠰᠬᠠᠯ ᠪᠣᠯᠤᠨ ᠦᠯᠠᠳᠠᠵᠠᠢ᠃ ᠨᠤᠷᠳᠤᠭᠵᠠᠪ ᠪᠣᠯ ᠮᠢᠨᠤ ᠨᠤᠳᠤᠭ ᠤᠨ ᠳᠡᠭᠦᠤ᠂ ᠪᠠᠭ᠎ᠠ ᠡᠴᠡ ᠪᠠᠨ ᠰᠠᠴᠠᠨ ᠰᠡᠷᠭᠦᠯᠡᠩ᠂ ᠣᠬᠠᠭᠠᠯᠢᠭ ᠯᠠᠪᠳᠠᠭᠤᠨ᠂ ᠴᠠᠭᠠᠪᠤᠷ ᠳᠤᠰᠠᠮᠠᠷᠴᠢ᠂ ᠨᠤᠳᠤᠭ ᠤᠨ ᠶᠤᠩᠳᠤᠨ ᠭᠡ ᠭᠡ ᠭᠡᠮᠡᠷ ᠴᠡᠪᠠᠷᠭᠡᠨ ᠳᠦᠷᠦᠭ᠍ᠰᠡᠨ ᠰᠤᠳᠤᠨ ᠵᠠᠯᠠᠭᠤ ᠶᠤᠮ᠃ ᠳᠠᠷᠠᠪᠠᠷ ᠰᠢᠯᠢᠳᠡᠭ᠌ ᠪᠦᠳᠦᠮᠵᠢ ᠪᠠᠷ ᠳᠤᠮᠳᠠᠳᠤ ᠰᠤᠷᠭᠠᠭᠤᠯᠢ ᠪᠠᠨ ᠳᠡᠭᠦᠰᠭᠡᠵᠤ᠂ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ᠌ ᠶᠢᠨ ᠭᠢᠮᠢ ᠶᠢᠨ ᠰᠠᠯᠪᠣᠷᠢ ᠳᠤ ᠰᠢᠯᠭᠠᠨ ᠣᠷᠤᠭᠰᠠᠨ ᠪᠠᠢ᠌ᠨ᠎ᠠ᠃ ᠮᠠᠨ ᠨᠤᠳᠤᠭ ᠤᠨ ᠬᠠᠮᠤᠭ ᠠᠩᠬᠠᠳᠠᠭᠴᠢ ᠪᠠᠢ᠌ᠭᠠᠯᠢ ᠶᠢᠨ ᠰᠢᠡᠵᠢᠯᠡᠭᠦ ᠣᠬᠠᠭᠠᠨ ᠤ ᠰᠤᠳᠤᠯᠬᠤ ᠣᠶᠤᠳᠠᠨ ᠤ ᠨᠢᠭᠡ ᠨᠢ ᠪᠣᠯᠬᠤ ᠶᠤᠮ᠃ ᠶᠡᠭᠡ ᠰᠤᠷᠭᠠᠭᠤᠯᠢ ᠪᠠᠨ ᠳᠡᠭᠦᠰᠭᠡᠭ᠍ᠰᠡᠨ ᠤ ᠳᠠᠷᠠᠭ᠎ᠠ ᠬᠠᠢ᠌ᠯᠠᠷ ᠤᠨ ᠮᠤᠩᠭ᠋ᠤᠯ ᠪᠠᠭᠰᠢ ᠶᠢᠨ ᠰᠤᠷᠭᠠᠭᠤᠯᠢ ᠳᠤ ᠬᠤᠪᠢᠶᠠᠭᠳᠠᠨ ᠪᠠᠭᠰᠢᠯᠠᠪᠠ᠃ ᠰᠤᠷᠤᠯᠭ᠎ᠠ ᠰᠤᠳᠤᠯᠤᠯ ᠳᠠᠭᠠᠨ ᠠᠮᠵᠢᠯᠳᠠ ᠪᠦᠳᠦᠭᠡᠯ ᠭᠠᠷᠭᠠᠨ᠂ ᠭᠢᠮᠢ ᠶᠢᠨ ᠠᠷᠭ᠎ᠠ ᠪᠠᠷ ᠰᠠᠭᠠᠯᠢ ᠶᠢᠨ ᠠᠷᠢᠭᠢ ᠨᠡᠷᠡᠭᠦ ᠶᠢ ᠰᠤᠳᠤᠯᠤᠨ᠂ ᠰᠠᠭᠠᠯᠢ ᠶᠢᠨ ᠠᠷᠢᠭᠢ ᠨᠠᠷᠠᠵᠤ᠂ ᠨᠤᠳᠤᠭ ᠤᠨ ᠰᠠᠭᠠᠯᠢ ᠶᠢᠨ ᠠᠷᠢᠭᠢ ᠨᠡᠷᠡᠭᠦ ᠣᠯᠠᠮᠵᠢᠯᠠᠯᠳᠤ ᠠᠷᠭ᠎ᠠ ᠳᠤ ᠡᠳᠦᠢ ᠳᠠᠳᠤᠢ ᠥᠭᠡᠷᠴᠢᠯᠡᠯᠳᠡ ᠰᠤᠳᠤᠯᠤᠯ ᠭᠢᠵᠤ ᠪᠦᠳᠦᠭᠡᠯ ᠤᠨ ᠡᠷᠭᠡ ᠣᠯᠵᠤ ᠶᠠᠪᠣᠭᠰᠠᠨ ᠶᠤᠮ᠃

ᠰᠠᠨᠠᠭ᠎ᠠ ᠪᠠᠷ ᠪᠣᠯᠳᠠᠭ ᠦᠭᠡᠶ ᠬᠤᠷᠸ᠎ᠠ᠂ ᠰᠠᠢ᠌ᠬᠠᠨ ᠳᠡᠭᠦᠤ ᠶᠢ ᠮᠢᠨᠢ ᠰᠡᠮᠡᠭᠡᠨ ᠠᠪᠣᠭᠠᠤᠨ ᠶᠠᠪᠣᠴᠢᠬᠠᠯ᠎ᠠ᠁

ᠰᠠᠠᠴᠢᠭ ᠤᠨ ᠦᠰᠦ ᠨᠢ ᠪᠣᠭᠤᠷᠤᠯᠳᠤᠭᠰᠠᠨ ᠪᠢᠳᠠ ᠰᠡᠳᠭᠢᠯ ᠳᠡᠭᠡᠨ ᠭᠦᠨ ᠬᠠᠷᠠᠮᠰᠠᠯ᠂ ᠬᠠᠯᠠᠭᠯᠠᠯ᠂ ᠭᠤᠨᠢᠭ ᠦᠯᠡᠳᠡᠭᠡᠳ ᠬᠤᠴᠤᠷᠠᠯ᠎ᠠ᠂ ᠳᠡᠭᠦᠤ ᠪᠠᠨ ᠰᠠᠨᠠᠨ ᠰᠠᠨᠠᠨ ᠣᠷᠤᠰᠬᠤ ᠭᠠᠰᠢᠭᠤᠨ ᠨᠢᠯᠪᠣᠰᠤ᠂ ᠳᠡᠭᠦᠤ ᠲᠡᠶ ᠪᠠᠨ ᠨᠢ ᠨᠤ ᠦᠭᠡᠶ ᠨᠠᠢ᠌ᠵᠢᠯᠠᠵᠤ ᠶᠠᠪᠣᠭᠰᠠᠨ ᠡᠳᠦᠷ ᠤᠳ ᠢ ᠪᠣᠳᠤᠭᠳᠠᠭᠤᠯᠤᠨ ᠶᠠᠷᠤ ᠠᠮᠠᠷ ᠵᠠᠶᠠᠭ᠎ᠠ ᠥᠵᠡᠭᠦᠯᠭᠦ ᠦᠭᠡᠶ ᠶᠡᠭᠡ ᠪᠠᠷ ᠵᠤᠪᠠᠭᠠᠤᠨ ᠯᠠ ᠪᠠᠢ᠌ᠨ᠎ᠠ᠁

᠁ ᠨᠤᠷᠳᠤᠭᠵᠠᠪ ᠶᠡᠭᠡ ᠰᠤᠷᠭᠠᠭᠤᠯᠢ ᠪᠠᠨ ᠳᠡᠭᠦᠰᠭᠡᠭᠡᠳ᠂ ᠬᠠᠢ᠌ᠯᠠᠷ ᠤᠨ ᠪᠠᠭᠰᠢ ᠶᠢᠨ ᠰᠤᠷᠭᠠᠭᠤᠯᠢ ᠳᠤ ᠠᠵᠢᠯᠯᠠᠵᠤ ᠪᠠᠢ᠌ᠬᠤ ᠳᠠᠭᠠᠨ ᠦᠷᠭᠦᠯᠵᠢ ᠮᠠᠨ ᠤ ᠳᠤ ᠢᠷᠠᠵᠤ ᠣᠴᠢᠳᠠᠭ᠂ ᠪᠢᠳᠠ ᠳᠠᠳᠠᠨ ᠢ ᠢᠷᠡᠭᠦ ᠪᠣᠯᠭᠠᠨ ᠴᠠᠢ ᠴᠠᠭᠠᠨ ᠢᠳᠡᠭᠡ ᠪᠠᠨ ᠳᠡᠯᠭᠡᠨ᠂ ᠶᠠᠷᠢᠶ᠎ᠠ ᠵᠤᠭᠤᠭ ᠳᠡᠯᠭᠡᠵᠤ᠂ ᠡᠯᠳᠡᠪ ᠬᠤᠶᠠᠷ ᠢ ᠶᠠᠷᠢᠵᠤ ᠰᠠᠭᠤᠳᠠᠭ ᠰᠠᠨ᠃ ᠬᠠᠶᠠ ᠬᠤᠨᠢ ᠭᠠᠷᠭᠠᠵᠤ ᠪᠦᠭᠦᠯᠢ ᠢᠳᠡᠭᠦ ᠳᠡᠭᠡᠨ ᠪᠢ ᠳᠡᠭᠦᠤ ᠪᠠᠨ ᠳᠠᠭᠤᠳᠠᠭ ᠪᠠᠢ᠌ᠭᠰᠠᠨ᠁ ᠨᠢᠭᠡ ᠣᠳᠠᠭ᠎ᠠ ᠰᠤᠷᠭᠠᠭᠤᠯᠢ ᠳᠠᠭᠠᠨ ᠪᠠᠶ᠎ᠠ ᠶᠢᠨ ᠭᠦᠳᠡᠯᠮᠦᠷᠢ ᠳᠤ ᠣᠷᠤᠯᠴᠠᠭᠠᠤᠨ ᠦᠯᠦᠰᠦᠭ᠍ᠰᠡᠨ ᠪᠣᠯᠤᠯᠳᠠᠢ᠂ ᠳᠠᠷᠠ ᠦᠪᠡᠷ ᠶᠢᠡᠨ ᠮᠠᠨ ᠤ ᠳᠤ ᠭᠦᠷᠦᠯᠴᠡᠨ ᠢᠷᠠᠪᠠ᠃ ᠮᠠᠨ ᠤ ᠡᠭᠡᠨᠡᠷ ᠬᠤᠨᠢᠨ ᠪᠣᠤᠵᠠ ᠪᠠᠷᠢᠵᠤ ᠪᠠᠢ᠌ᠬᠤ ᠶᠢ ᠬᠠᠷᠠᠭᠠᠤᠨ ᠪᠠᠷᠭᠡᠨ ᠡ᠂ ᠪᠢ ᠭᠠᠭᠴᠠᠭᠠᠷ ᠶᠢᠡᠨ ᠨᠢᠭᠡ ᠵᠢᠩᠨᠡᠭᠦᠷ ᠪᠣᠤᠵᠠ ᠢᠳᠠᠨ᠎ᠠ ᠰᠢᠤ᠁ ᠭᠡᠵᠤ ᠳᠤᠭᠯᠠᠨ ᠱᠤᠭ ᠭᠠᠷᠭᠠᠭᠰᠠᠨ ᠨᠢ ᠶᠠᠭ ᠯᠠ ᠰᠠᠶ‍ᠢ ᠶᠢᠨ ᠣᠴᠢᠷ ᠮᠠᠳᠤ᠁ ᠨᠤᠮᠤᠬᠠᠨ ᠮᠦᠷᠳᠡᠭᠡᠨ ᠶᠦᠮᠦᠷ ᠲᠡᠶ ᠴᠠᠢ᠌ᠯᠭᠠᠨ ᠭᠦᠮᠤᠨ ᠯᠠ ᠪᠠᠢ᠌ᠭᠰᠠᠨ ᠳ᠋ᠠ᠂ ᠭᠦᠭᠡᠷᠦᠭᠦᠢ᠃

ᠳᠡᠭᠦᠨ ᠢ ᠬᠤᠷᠢᠮᠯᠠᠬᠤ ᠳᠤ ᠪᠢ ᠦᠪᠡᠷ ᠤᠨ ᠰᠤᠷᠤᠭᠰᠠᠨ ᠡᠷᠳᠡᠮ ᠶᠢᠡᠷ ᠶᠢᠡᠨ᠂ ᠳᠤᠬᠠᠢ ᠶᠢᠨ ᠦᠶ᠎ᠡ ᠳᠤ ᠮᠤᠤᠳᠢ ᠪᠣᠯᠤᠭᠰᠠᠨ ᠦᠨᠳᠦᠷ ᠴᠢᠨᠠᠷ ᠤᠨ ᠳᠠᠭᠤᠨ ᠤ ᠬᠠᠢ᠌ᠷᠴᠠᠭ ᠪᠦᠷᠢᠶᠡᠨ ᠤ ᠠᠪᠳᠠᠷ᠎ᠠ ᠭᠢᠵᠤ ᠦᠭ‍ᠭᠦᠨ ᠨᠢᠭᠡᠨ ᠰᠠᠨᠠᠬᠤ ᠶᠢᠨ ᠡᠷᠳᠡᠮ ᠤᠨ ᠪᠠᠯᠡᠭ᠌ ᠪᠣᠯᠭᠠᠨ ᠪᠠᠷᠢᠭᠰᠠᠨ ᠪᠠᠢ᠌ᠵᠤ ᠪᠢᠯᠠ᠃ ᠳᠤᠬᠠᠢ ᠶᠢᠨ ᠵᠢᠯ ᠤᠳ ᠲᠤ ᠰᠤᠷᠭᠠᠭᠤᠯᠢ ᠶᠢᠨ ᠪᠠᠭᠰᠢ ᠨᠡᠷ ᠤᠨ ᠰᠠᠭᠤᠬᠤ ᠭᠡᠷ ᠮᠠᠰᠢ ᠭᠦᠴᠢᠷ ᠲᠡᠶ ᠪᠠᠢ᠌ᠭᠰᠠᠨ ᠪᠣᠯᠬᠤᠷ ᠳᠠᠳᠠ ᠮᠠᠰᠢ ᠵᠢᠵᠢᠭ᠌ ᠭᠡᠷ ᠲᠤ ᠰᠠᠭᠤᠳᠠᠭ ᠪᠠᠢ᠌ᠯ᠎ᠠ᠃ ᠳᠠᠷᠠ ᠦᠷᠭᠦᠯᠵᠢ ᠳᠠᠭᠤᠨ ᠤ ᠬᠠᠢ᠌ᠷᠴᠠᠭ ᠶᠢᠡᠨ ᠳᠤᠤᠭᠠᠷᠭᠠᠨ᠂ ᠣᠯᠠᠨ ᠤ ᠠᠩᠬᠠᠷᠤᠯ ᠢ ᠳᠠᠳᠠᠵᠤ᠂ ᠨᠠᠩ ᠢᠯᠠᠩᠭ᠋ᠣᠢ᠌ᠶ᠎ᠠ ᠳᠠᠭᠤᠤ ᠭᠦᠭ᠍ᠵᠢᠮ ᠤᠨ ᠪᠠᠭᠰᠢ ᠨᠡᠷ ᠤᠨ ᠬᠤᠷᠤᠬᠠᠢ ᠶᠢ ᠭᠦᠳᠡᠯᠭᠡᠨ ᠡᠯᠸᠭ᠍ᠲ᠋ᠷᠤᠨ ᠭᠦᠭ᠍ᠵᠢᠮ ᠢ ᠰᠠᠢ᠌ᠬᠠᠨ ᠳᠤᠭᠯᠠᠶ᠎ᠠ ᠭᠡᠪᠠᠯ᠂ ᠵᠠᠪᠠᠯ ᠰᠠᠢ᠌ᠨ ᠳᠠᠭᠤᠨ ᠤ ᠬᠠᠢ᠌ᠷᠴᠠᠭ ᠪᠠᠢ᠌ᠬᠤ ᠭᠡᠷᠡᠭ᠍ᠳᠡᠢ᠂ ᠮᠢᠨᠤ ᠠᠬ᠎ᠠ ᠶᠢᠨ ᠭᠢᠭ᠍ᠰᠡᠨ ᠳᠠᠭᠤᠨ ᠤ ᠬᠠᠢ᠌ᠷᠴᠠᠭ ᠢ ᠳᠠᠨᠠᠷ ᠬᠤᠳᠠᠯᠳᠤᠭ᠎ᠠ ᠳᠡᠯᠭᠡᠭᠦᠷ ᠡᠴᠡ ᠣᠯᠤᠨ᠎ᠠ ᠦᠦ ︖ ᠥᠵᠡᠭᠡᠳ ᠦᠭ‍ᠭᠦᠶ᠎ᠡ ᠭᠡᠭᠦ ᠳᠤ ᠣᠯᠳᠠᠬᠤ ᠦᠭᠡᠶ ᠪᠠᠢ᠌ᠬ᠎ᠠ᠂ ᠳᠠᠨᠠᠷ ᠦᠨᠦᠳᠤᠷ ᠮᠢᠨᠤ ᠳᠠᠭᠤᠨ ᠤ ᠬᠠᠢ᠌ᠷᠴᠠᠭ ᠶᠢᠡᠷ ᠰᠠᠢ᠌ᠬᠠᠨ ᠳᠠᠭᠤᠤ ᠭᠦᠭ᠍ᠵᠢᠮ ᠰᠤᠨᠤᠰᠴᠤ ᠪᠠᠢ᠌ᠭ᠎ᠠ ᠳᠠᠨᠢ᠂ ᠳᠠᠨᠠᠷ ᠤᠨ ᠠᠵᠠ ᠪᠣᠶᠠᠨ ᠭᠡᠴᠢ᠁ ᠭᠡᠵᠤ ᠱᠤᠭᠯᠠᠳᠠᠭ ᠪᠠᠢ᠌ᠭᠰᠠᠨ᠁

ᠵᠢᠯ ᠪᠦᠷᠢ ᠶᠢᠨ ᠰᠠᠷ᠎ᠠ ᠰᠢᠨ᠎ᠠ ᠶᠢᠨ ᠪᠠᠶᠠᠷ ᠶᠢᠡᠷ ᠳᠠᠳᠠ᠂ ᠠᠬ᠎ᠠ ᠪᠠᠷᠭᠡᠨ ᠳᠡᠭᠡᠨ ᠵᠤᠯᠭᠠᠬᠤ ᠪᠠᠷ ᠭᠡᠷ ᠶᠢᠡᠷ ᠶᠢᠡᠨ ᠬᠤᠨᠢ᠂ ᠵᠦᠷ᠎ᠡ ᠮᠠᠳᠤ ᠶᠢᠨ ᠳᠤᠮᠤ ᠪᠠᠯᠡᠭ᠌ ᠲᠡᠶ ᠢᠷᠡᠳᠡᠭ᠌᠃ ᠪᠢᠳᠠ ᠰᠠᠢ᠌ᠬᠠᠨ ᠨᠠᠷᠭᠢᠵᠤ᠂ ᠰᠠᠶ‍ᠢᠬᠠᠨ ᠠᠷᠢᠭᠢ ᠣᠤᠭᠤᠵᠤ ᠪᠠᠢ᠌ᠭ᠎ᠠ ᠳᠠᠳᠠ᠂ ᠠᠷᠭ᠎ᠠ ᠪᠠᠨ ᠪᠠᠷᠠᠵᠤ᠂ ᠪᠦᠭᠡᠯᠵᠢᠵᠤ ᠪᠠᠢ᠌ᠳᠠᠯ᠎ᠠ ᠪᠠᠨ ᠠᠬ᠎ᠠ ᠶᠢᠨ ᠶᠢᠡᠨ ᠰᠢᠷᠡᠭᠡᠨ ᠤ ᠭᠦᠡᠳᠤ ᠶᠢ ᠳᠠᠭᠠᠭᠠᠵᠤ ᠭᠦᠡᠳᠦᠳᠭᠡᠯ ᠶᠢᠡᠨ ᠭᠦᠢᠴᠡᠭᠡᠳᠡᠭ᠌ ᠪᠠᠢ᠌ᠭᠰᠠᠨ᠃ ᠨᠤᠷᠳᠤᠭᠵᠪ ᠤᠨ ᠭᠡᠷᠭᠡᠢ ᠨᠢ ᠪᠣᠯ ᠰᠤᠷᠪᠣᠯᠵᠢᠳᠤ ᠭᠡᠷ ᠤᠨ ᠡᠷᠭᠡ ᠳᠠᠩᠭᠢ ᠦᠬᠢᠨ ᠠᠳᠠᠯ᠎ᠠ ᠮᠠᠰᠢ ᠴᠠᠭᠠᠪᠣᠷ ᠵᠤᠴᠢᠠᠰᠠᠭ᠂ ᠠᠵᠢᠯᠰᠠᠭ ᠨᠤᠮᠤᠬᠠᠨ ᠳᠠᠷᠤᠤ ᠵᠠᠩ ᠲᠡᠶ ᠴᠡᠮᠴᠡᠭᠡᠷ ᠪᠦᠰᠡᠭᠦᠢ ᠶᠤᠮ᠃ ᠳᠠᠳᠠᠨ ᠤ ᠳᠤ ᠬᠤᠨᠤᠭᠤᠳᠠ ᠥᠡᠵᠢᠭᠦᠳᠡ ᠪᠠᠷ ᠨᠠᠷᠭᠢᠯᠳᠤᠬᠤ ᠳᠤ ᠴᠠᠢ ᠬᠤᠭᠤᠯᠠ ᠪᠠᠨ ᠵᠠᠪᠳᠠᠭᠤᠯᠬᠤ ᠶᠢᠨ ᠵᠡᠷᠭᠡᠴᠡᠭᠡ ᠪᠠᠷ᠂ ᠬᠤᠠᠳᠠᠭ᠎ᠠ ᠡᠷᠭᠦᠨ ᠪᠢᠳᠠᠨ ᠢ ᠭᠦᠡᠳᠦᠯᠡᠳᠡᠭ᠌᠃ ᠪᠤᠷᠢᠶᠡᠳ ᠤᠨ ᠰᠠᠢ᠌ᠬᠠᠨ ᠵᠠᠩ ᠴᠢᠨᠠᠷ ᠶᠢᠡᠨ ᠬᠠᠳᠠᠭᠠᠯᠠᠨ ᠥᠪᠯᠡᠭ᠍ᠰᠡᠨ ᠵᠠᠯᠠᠭᠤ ᠪᠦᠰᠡᠭᠦᠢ ᠶᠤᠮ᠃ ᠳᠠᠪᠢᠭᠠᠤᠨ ᠨᠠᠰᠤᠨ ᠤ ᠠᠷᠢᠭᠢᠨ ᠤ ᠭᠦᠭ᠌ ᠲᠡᠭᠡᠨ ᠪᠢᠳᠠᠨᠠᠷ᠂ ᠳᠠᠳᠠᠨ ᠤ ᠳᠤ ᠭᠡᠳᠥᠴᠢᠨᠡᠨ ᠣᠳᠠᠭ᠎ᠠ ᠭᠦᠡᠳᠦᠯᠡᠭᠦᠯᠵᠤ᠂ ᠨᠠᠷᠭᠢᠵᠤ ᠶᠠᠪᠣᠭᠰᠠᠨ ᠢ ᠪᠣᠤ ᠮᠠᠳᠠ᠁ ᠰᠤᠭᠳᠤᠭᠤ ᠭᠦᠯᠴᠦᠭᠦᠤ ᠪᠠᠷ ᠭᠦᠷᠭᠦ ᠪᠣᠯᠭᠠᠨ ᠳᠤ᠂ ᠬᠠᠯᠠᠭᠤᠨ ᠶᠢᠡᠷ ᠣᠭᠳᠤᠨ ᠠᠪᠴᠤ᠂ ᠴᠠᠢ ᠬᠤᠭᠤᠯᠠ ᠪᠡᠯᠡᠳᠭᠡᠨ᠂ ᠮᠢᠬ᠎ᠠ ᠴᠢᠨᠠᠵᠤ᠂ ᠫᠢᠸᠤ᠋ ᠶᠢ ᠠᠪᠳᠠᠷ᠎ᠠ ᠠᠪᠳᠠᠷ᠎ᠠ ᠪᠠᠷ ᠨᠢ ᠵᠥᠭᠡᠪᠦᠷᠢᠯᠡᠨ ᠠᠪᠴᠢᠷᠠᠵᠤ ᠰᠦᠨᠢᠵᠢᠨ ᠭᠦᠡᠳᠦᠯᠡᠳᠡᠭ᠌ ᠪᠠᠢ᠌ᠭᠰᠠᠨ᠁

ᠳᠠᠷᠠ ᠠᠵᠢᠯ ᠤᠨ ᠠᠮᠵᠢᠯᠳᠠ ᠴᠢᠷᠮᠠᠢ᠌ᠯᠭ᠎ᠠ ᠪᠠᠷ ᠣᠳᠤᠷᠢᠤᠠᠬᠤ ᠪᠠᠢ᠌ᠷᠢᠨ ᠳᠤ ᠵᠡᠷᠭᠡ ᠳᠡᠪᠰᠢᠭ᠍ᠰᠡᠨ ᠴᠤ ᠣᠭ ᠤᠨ ᠮᠦᠰᠤ ᠪᠠᠨ ᠬᠠᠳᠠᠭᠠᠯᠠᠵᠤ᠂ ᠨᠤᠳᠤᠭ ᠤᠨ ᠣᠯᠠᠨ ᠵᠠᠯᠠᠭᠤᠴᠤᠳ ᠤᠨ ᠶᠢᠡᠨ ᠡᠷᠳᠡᠮ ᠮᠡᠳᠡᠯᠭᠡ ᠰᠤᠷᠬᠤ ᠳᠤ ᠰᠠᠨᠠᠭᠠᠰᠢᠷᠠᠯ ᠪᠣᠯᠵᠤ ᠠᠷᠭ᠎ᠠ ᠣᠬᠠᠭᠠᠨ ᠢ ᠰᠥᠪᠡᠭ᠍ᠴᠢᠯᠡᠨ ᠳᠠᠮᠵᠢᠵᠤ ᠳᠤᠰᠠᠯᠠᠵᠤ ᠪᠣᠳᠠᠳᠠᠢ ᠠᠵᠢᠯ ᠭᠢᠵᠤ ᠶᠠᠪᠣᠭᠰᠠᠨ ᠶᠤᠮ᠃ ᠣᠯᠠᠨ ᠦᠨᠳᠦᠰᠦᠳᠠᠨ ᠤ ᠨᠠᠢ᠌ᠵᠠ ᠤᠳ ᠲᠡᠶ ᠪᠠᠨ ᠪᠦᠯᠭᠦᠮᠳᠡᠨ ᠬᠠᠮᠳᠤ ᠪᠠᠷ ᠰᠤᠷᠭᠠᠨ ᠭᠦᠮᠦᠵᠢᠯ ᠤᠨ ᠣᠢ᠌ᠯᠠᠰ ᠲᠤ ᠵᠢᠦᠡᠭᠦᠵᠤ᠂ ᠣᠯᠠᠨ ᠤ ᠪᠠᠨ ᠳᠤᠮᠳᠠ ᠢᠳᠡᠭᠡᠯ ᠲᠡᠶ᠂ ᠳᠦᠰᠢᠭ᠌ ᠲᠡᠶ᠂ ᠠᠮᠵᠢᠯᠳᠠ ᠪᠦᠳᠦᠭᠡᠯ ᠲᠡᠶ ᠰᠠᠢ᠌ᠬᠠᠨ ᠯᠠ ᠶᠠᠪᠣᠵᠤ ᠪᠠᠢ᠌ᠭᠰᠠᠨ ᠶᠤᠮ ᠳᠡᠭᠦᠤ ᠮᠢᠨᠢ᠁

ᠰᠠᠢ᠌ᠬᠠᠨ ᠵᠠᠯᠠᠭᠤ ᠶᠢ ᠴᠢᠦᠡᠭᠦᠷ ᠠᠪᠠᠴᠢᠵᠤ᠂ ᠴᠤᠬᠤᠷ ᠮᠤᠷᠢ ᠶᠢ ᠴᠢᠨ᠋ᠸ᠎ᠠ ᠪᠠᠷᠢᠨ᠎ᠠ ᠭᠡᠳᠡᠭ᠍ᠴᠢᠯᠡᠨ ᠳᠡᠭᠦᠤ ᠮᠢᠨᠢ ᠳᠠᠩᠴᠢ ᠡᠷᠳᠡ ᠪᠢᠳᠠᠨ ᠶᠢᠡᠨ ᠬᠠᠶᠠᠭᠠᠤᠨ ᠶᠠᠪᠣᠴᠢᠬᠠᠯ᠎ᠠ᠃ ᠠᠵᠢᠯ ᠣᠢ᠌ᠯᠠᠰ ᠲᠡᠭᠡᠨ ᠶᠠᠭᠠᠷᠠᠭᠰᠠᠭᠠᠷ᠂ ᠬᠤᠪᠢ ᠪᠠᠶ᠎ᠠ ᠶᠢᠨ ᠡᠷᠡᠭᠦᠯ ᠡᠩᠬᠡ ᠶᠢ ᠦᠯᠤ ᠣᠢ᠌ᠰᠢᠶᠠᠨ ᠪᠠᠢ᠌ᠵᠤ᠂ ᠭᠡᠨᠡᠳᠲᠡ ᠶᠢᠨ ᠵᠢᠷᠦᠭᠡᠨ ᠡᠪᠡᠳᠴᠢᠨ ᠶᠢᠡᠷ ᠠᠯᠠᠭ ᠬᠤᠷᠸ᠎ᠠ ᠡᠴᠡ ᠠᠶᠠᠷᠯᠠᠯ᠎ᠠ᠁ ᠭᠡᠳᠥᠢ᠌ᠴᠢᠨᠡᠨ ᠬᠠᠷᠠᠮᠰᠠᠯᠳᠠᠢ᠂ ᠭᠡᠳᠥᠢ᠌ᠴᠢᠨᠡᠨ ᠬᠠᠯᠠᠭᠯᠠᠯ ᠲᠡᠶ ᠠᠵᠠᠢ ᠁

ᠳᠡᠭᠦᠤ ᠲᠡᠶ ᠪᠠᠨ ᠨᠢ ᠨᠤ ᠦᠭᠡᠶ ᠰᠠᠢ᠌ᠬᠠᠨ ᠠᠬ᠎ᠠ ᠳᠡᠭᠦᠤ ᠰᠢᠭ᠌ ᠨᠠᠢ᠌ᠵᠠᠯᠠᠵᠤ ᠶᠠᠪᠣᠭᠰᠠᠨ ᠡᠳᠦᠷ ᠤᠳ ᠢ ᠪᠣᠳᠤᠬᠤ ᠳᠤ᠂ ᠣᠯᠠᠨ ᠣᠯᠠᠨ ᠶᠠᠪᠣᠳᠠᠯ ᠤᠳ ᠺᠢᠨᠤ᠋ ᠮᠠᠳᠤ ᠳᠤᠳᠤᠬᠠᠨ ᠰᠠᠨᠠᠭᠳᠠᠨ᠎ᠠ᠃ ᠳᠠᠷᠠ ᠵᠢᠯ ᠤᠨ ᠴᠠᠭᠠᠨ ᠰᠠᠷ᠎ᠠ ᠳᠤ ᠮᠠᠨ ᠤ ᠳᠤ ᠵᠤᠯᠭᠠᠵᠤ ᠢᠷᠡᠭᠡᠳ᠂ ᠮᠠᠨ ᠤ ᠨᠠᠢ᠌ᠷ ᠤᠨ ᠰᠢᠷᠡᠭᠡᠨ ᠳᠤ ᠶᠠᠭ ᠠᠷᠢᠭᠢ ᠣᠤᠭᠤᠵᠤ ᠣᠷᠤᠬᠤ ᠦᠭᠡᠶ ᠪᠣᠯᠵᠤ᠂ ᠠᠷᠭ᠎ᠠ ᠪᠠᠨ ᠪᠠᠷᠠᠵᠤ ᠪᠣᠴᠠᠬᠤ ᠳᠠᠭᠠᠨ ᠪᠢᠴᠢᠭ᠍ᠰᠡᠨ ᠴᠢᠯᠦᠭᠡ ᠭᠤᠶᠤᠬᠤ ᠪᠢᠴᠢᠭ᠌ ᠨᠢ ᠡᠳᠦᠭᠡ ᠪᠢᠳᠠᠨ ᠤ ᠠᠬ᠎ᠠ ᠳᠡᠭᠦᠤ ᠶᠢᠨ ᠨᠥᠭᠦᠷᠯᠡᠯ᠂ ᠰᠡᠳᠭᠢᠯ ᠢᠳᠡᠭᠡᠯ᠂ ᠰᠠᠢ᠌ᠨ ᠰᠠᠢ᠌ᠬᠠᠨ ᠶᠠᠪᠣᠯᠴᠠᠭᠠᠨ ᠤ ᠨᠢᠭᠡᠨ ᠭᠡᠷᠡᠴᠢ ᠪᠦᠭᠦᠢ ᠮᠥᠩᠭᠡ ᠶᠢᠨ ᠳᠤᠷᠠᠳᠬᠠᠯ ᠪᠣᠯᠤᠨ ᠦᠯᠠᠳᠠᠵᠢ᠃


ᠵᠤᠬᠢᠶᠠᠭᠴᠢ ᠶᠢᠨ ᠬᠠᠶ‍ᠢᠭ᠄ ᠭᠦᠯᠤᠨ ᠪᠣᠢ᠌ᠷ᠂ ᠬᠠᠢ᠌ᠯᠠᠷ

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2010 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ