☆ ᠰᠠᠷᠠᠩᠳᠤᠷᠵᠢ
ᠮᠢᠨᠤ ᠰᠢᠯᠦᠭ᠌
ᠭᠦᠷᠵᠡᠩ ᠤᠨ ᠭᠠᠯ ᠤᠨ ᠠᠪᠣᠯᠴᠠᠭᠠᠨ
ᠮᠢᠨᠤ ᠰᠢᠯᠦᠭ᠌ ᠤᠨ ᠭᠦᠭ᠌
ᠭᠦᠭᠡ ᠳᠤᠯᠤᠭᠠᠢ ᠲᠡᠶ ᠬᠤᠨᠢᠨ ᠤ ᠦᠰᠦᠯᠳᠠ
ᠮᠢᠨᠤ ᠰᠢᠯᠦᠭ᠌ ᠤᠨ ᠪᠠᠯᠴᠢᠭᠡᠷ
ᠭᠦᠭᠡ ᠣᠰᠤᠨ ᠤ ᠳᠤᠩᠭ᠋ᠠᠯᠠᠭ
ᠮᠢᠨᠤ ᠰᠢᠯᠦᠭ᠌ ᠤᠨ ᠨᠢᠳᠤ
ᠭᠦᠯᠦᠭ᠌ ᠮᠤᠷᠢᠨ ᠤ ᠬᠤᠷᠳᠤᠴᠠ
ᠮᠢᠨᠤ ᠰᠢᠯᠦᠭ᠌ ᠤᠨ ᠰᠤᠷ
《ᠭᠦᠭᠡ ᠰᠤᠳᠤᠷ》 ᠊ᠤᠨ ᠬᠠᠯᠠᠭᠤᠷᠠᠯ
ᠮᠢᠨᠤ ᠰᠢᠯᠦᠭ᠌ ᠤᠨ ᠠᠮᠢ
ᠭᠦᠮᠤᠨ ᠤ ᠡᠭᠦᠳᠡᠨ ᠳᠤ ᠠᠶᠠᠭ᠎ᠠ ᠳᠤᠰᠬᠤ
ᠭᠦᠭᠡᠷᠦᠭᠦᠢ ᠰᠦᠨᠠᠰᠤ
ᠮᠢᠨᠤ ᠰᠢᠯᠦᠭ᠌ ᠲᠤ ᠳᠤᠳᠤᠷᠠᠬᠤ ᠥᠭᠡᠢ
ᠭᠦᠯ ᠳᠤᠱᠠᠬᠤ
ᠰᠡᠳᠭᠢᠯ ᠤᠨ ᠣᠨᠢᠰᠤ
ᠮᠢᠨᠤ ᠰᠢᠯᠦᠭ᠌ ᠲᠤ ᠳᠡᠭᠦᠵᠢᠯᠡᠭ᠍ᠳᠡᠭᠦ ᠥᠭᠡᠢ
ᠭᠦᠮᠤᠨ ᠶᠢᠡᠨ ᠪᠠᠷᠠᠭᠰᠠᠨ
ᠮᠤᠩᠬᠠᠭ ᠵᠠᠶᠠᠭ᠎ᠠ
ᠮᠢᠨᠤ ᠰᠢᠯᠦᠭ᠌ ᠲᠤ ᠳᠠᠭᠤᠯᠠᠬᠤ ᠥᠭᠡᠢ
ᠭᠦᠢ ᠶᠢ ᠳᠠᠷᠤᠭᠰᠠᠨ
ᠨᠤᠳᠤᠭ ᠤᠨ ᠴᠢᠯᠠᠭᠤ
ᠮᠢᠨᠤ ᠰᠢᠯᠦᠭ᠌ ᠲᠤ ᠱᠠᠳᠯᠠᠵᠤ ᠪᠣᠢ
ᠭᠦᠡᠳᠡᠵᠤ ᠪᠣᠯᠬᠤ ᠥᠭᠡᠢ
ᠶᠡᠭᠡᠰ ᠤᠨ ᠳᠦᠷᠢ
ᠮᠢᠨᠤ ᠰᠢᠯᠦᠭ᠌ ᠲᠤ ᠭᠡᠢ᠌ᠮᠦᠷᠯᠡᠵᠤ ᠪᠣᠢ
ᠵᠤᠬᠢᠶᠠᠭᠴᠢ ᠶᠢᠨ ᠬᠠᠶᠢᠭ᠄ ᠵᠠᠷᠤᠳ
ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ