ᠨᠡᠪᠲᠡᠷᠡᠨ ᠤᠷᠤᠬᠤ
ᠭᠠᠵᠠᠷ ᠰᠢᠷᠤᠢ ᠮᠢᠨᠢ

ᠠᠪᠣ ᠮᠢᠨᠢ ᠬᠠᠨ᠎ᠠ ᠪᠠᠨ ᠳᠤᠭᠣᠢ᠌ᠯᠠᠵᠤ

ᠠᠭᠠᠷ ᠽᠠᠠᠳᠠᠨ ᠳᠤᠭᠤᠨᠤ ᠪᠠᠨ ᠡᠷᠭᠦᠵᠤ

ᠠᠷᠭᠠᠯ ᠤᠨ ᠣᠯᠠᠭᠠᠨ ᠭᠠᠯ ᠶᠢᠡᠨ ᠱᠥᠭᠡᠵᠤ

ᠠᠳᠤᠭᠤ ᠮᠠᠯ ᠶᠢᠡᠨ ᠳᠡᠯᠡᠭᠡᠨ ᠪᠠᠯᠴᠢᠭᠡᠭ᠍ᠰᠡᠨ

ᠠᠢ ᠡᠭᠡ ᠪᠣᠯᠤᠭᠰᠠᠨ ᠭᠠᠵᠠᠷ ᠰᠢᠷᠤᠢ ᠮᠢᠨᠢ

ᠲᠦᠮᠡᠨ ᠣᠨ ᠤ ᠪᠢᠴᠢᠭᠡᠰᠤ ᠪᠠᠷᠯᠠᠵᠤ

ᠳᠠᠮᠤᠷ ᠡᠷᠡᠰ ᠤᠨ ᠠᠶᠠᠰ ᠶᠢᠡᠷ ᠵᠤᠵᠠᠭᠠᠷᠠᠵᠤ

ᠳᠦᠳᠡᠭ᠌ ᠤᠨ ᠣᠴᠢ ᠰᠢᠭ ᠣᠳᠤ ᠣᠨᠠᠵᠤ

ᠳᠦᠴᠢᠭᠡ ᠳᠡᠷᠭᠡᠨ ᠤ ᠳᠤᠭᠤᠢ ᠳᠤ ᠬᠤᠳᠣᠢ᠌ᠵᠤ

ᠳᠤᠬᠤᠢ ᠡᠯᠢᠭᠡᠳᠡᠭ᠍ᠰᠡᠨ ᠭᠠᠵᠠᠷ ᠰᠢᠷᠤᠢ ᠮᠢᠨᠢ

ᠣᠯᠠᠭᠠᠨ ᠨᠠᠷᠠᠨ ᠠᠯᠠᠭᠴᠢᠯᠠᠯ ᠦᠭᠡᠶ ᠡᠭᠡᠭᠡᠵᠤ

ᠣᠷᠭᠤᠬᠤ ᠪᠦᠭᠦᠨ ᠳᠡᠯᠪᠠᠭᠡ ᠪᠠᠨ ᠨᠡᠭᠡᠭᠡᠵᠤ

ᠣᠷᠤᠰᠬᠤ ᠭᠤᠷᠤᠬ᠎ᠠ ᠰᠤᠳᠠᠰᠤ ᠪᠠᠷ ᠨᠢ ᠭᠦᠶ‍ᠦᠵᠤ

ᠠᠭᠤᠰᠭᠢ ᠵᠢᠷᠦᠭᠡ ᠶᠢ ᠲᠡᠳᠬᠦᠨ ᠳᠡᠵᠢᠭᠡᠵᠤ

ᠣᠭᠤᠷᠠᠭ ᠶᠢᠡᠨ ᠰᠢᠮᠡᠭᠦᠯᠦᠭ᠍ᠰᠡᠨ ᠭᠠᠵᠠᠷ ᠰᠢᠷᠤᠢ ᠮᠢᠨᠢ

ᠠᠢ ᠴᠢᠨᠤ ᠭᠦᠨ ᠡᠴᠡ ᠨᠸᠹᠲ᠋ ᠤᠨ ᠰᠤᠳᠠᠯ ᠬᠠᠢ᠌ᠨᠠᠮ

ᠠᠯᠳᠠᠨ ᠶᠠᠰᠤᠳᠤ ᠡᠪᠦᠭᠡᠤᠨ ᠤᠨ ᠣᠶᠤᠨ ᠰᠠᠨᠠᠭ᠎ᠠ ᠶᠢ ᠡᠷᠢᠨᠡᠮ

ᠠᠮᠢᠳᠤᠷᠠᠯ ᠲᠡᠳᠬᠦᠭ᠍ᠴᠢ ᠣᠰᠤᠨ ᠤ ᠰᠤᠳᠠᠰᠤ ᠬᠠᠢ᠌ᠨᠠᠮ

ᠠᠯᠳᠠ ᠮᠥᠩᠭᠦ ᠡᠷᠳᠡᠨᠢᠰ ᠡᠴᠡ ᠪᠣᠰᠤᠳ ᠢ ᠡᠷᠢᠨᠡᠮ

ᠠᠢ ᠡᠭᠡ ᠪᠣᠯᠤᠭᠰᠠᠨ ᠭᠠᠵᠠᠷ ᠰᠢᠷᠤᠢ ᠮᠢᠨᠢ ᠡ

ᠮᠤᠳᠤᠨ ᠰᠢᠶᠤᠩᠨᠤ ᠶᠢᠨ ᠳᠠᠭᠤᠳᠤ ᠰᠤᠮᠤ ᠭᠦᠨ ᠳᠤ ᠴᠢᠨᠢ ᠪᠣᠢ

ᠮᠤᠩᠭ᠋ᠤᠯ ᠲᠦᠷᠦ ᠶᠢᠨ ᠠᠯᠳᠠᠨ ᠭᠡᠷᠡᠭᠡ ᠭᠦᠨ ᠳᠤ ᠴᠢᠨᠢ ᠪᠣᠢ

ᠮᠤᠷᠢᠳᠠᠨ ᠡᠷᠡᠰ ᠤᠨ ᠭᠠᠩ ᠢᠯᠳᠤ ᠭᠦᠨ ᠳᠤ ᠴᠢᠨᠢ ᠪᠣᠢ

ᠮᠤᠬᠤᠰᠢ ᠦᠭᠡᠶ ᠴᠢᠩ ᠰᠠᠨᠠᠭ᠎ᠠ ᠪᠠᠰᠠ ᠭᠦᠨ ᠳᠤ ᠴᠢᠨᠢ ᠪᠣᠢ

ᠮᠤᠯᠤᠷ ᠡᠷᠳᠡᠨᠢ ᠶᠢᠨ ᠳᠡᠭᠡᠳᠤ ᠭᠠᠵᠠᠷ ᠰᠢᠷᠤᠢ ᠮᠢᠨᠢ ᠡ

ᠴᠢᠨᠤ ᠳᠦᠯᠦᠭᠡ ᠦᠳᠦ ᠬᠤᠷᠤᠬᠠᠢ ᠪᠠᠶ᠎ᠠ ᠡᠴᠡ ᠪᠠᠨ ᠪᠠᠷᠢᠨ ᠢᠳᠠᠵᠤ

ᠴᠢᠨᠤ ᠳᠦᠯᠦᠭᠡ ᠡᠪᠠᠰᠤ ᠨᠤᠭᠤᠭ᠎ᠠ ᠦᠨᠳᠦᠰᠦ ᠪᠣᠯᠢᠶᠠᠯᠳᠤᠨ ᠣᠷᠭᠤᠵᠤ ᠁

ᠴᠢᠨᠤ ᠳᠦᠯᠦᠭᠡ ᠣᠳᠤᠳᠤ ᠳᠡᠭ᠍ᠷᠢ ᠣᠷᠴᠢᠵᠤ᠂   ᠣᠯᠠᠨ ᠡᠷᠡᠰ ᠥᠭᠦᠵᠤ

ᠴᠢᠨᠤ ᠳᠦᠯᠦᠭᠡ ᠵᠠᠯᠪᠠᠷᠢᠯ ᠤᠨ ᠳᠠᠭᠤᠤ᠂   ᠴᠢᠰᠤ ᠨᠢᠯᠪᠣᠰᠤ ᠣᠷᠤᠰᠴᠤ

ᠴᠢᠪᠢᠯᠳᠤ ᠪᠦᠭᠦᠨ ᠢ ᠡᠭᠦᠷᠴᠤ ᠳᠠᠭᠠᠭᠠᠭᠰᠠᠨ ᠭᠠᠵᠠᠷ ᠰᠢᠷᠤᠢ ᠮᠢᠨᠢ

ᠠᠠᠵᠢᠰᠤᠨ ᠤ ᠬᠤᠰᠢᠭᠤ᠂   ᠲ᠋ᠠᠩᠺ ᠤᠨ ᠭᠢᠠᠵᠢᠨ ᠳᠤ ᠡᠯᠳᠡᠷᠡᠭ᠍ᠰᠡᠨ

ᠠᠯᠳᠠᠴᠢᠨ ᠤ ᠵᠡᠭᠡᠳᠦᠤ᠂   ᠡᠦᠰᠦᠴᠢᠨ ᠤ ᠵᠤᠤᠳᠤᠤ ᠨᠤᠭᠤᠳ ᠬᠤᠯᠳᠤᠷᠠᠭᠰᠠᠨ

ᠠᠲ᠋ᠤᠮ ᠤᠨ ᠪᠦᠮᠪᠦᠭᠡ᠂   ᠠᠭᠤᠷᠬᠠᠢ ᠳᠠᠷᠨᠢ ᠳᠤ ᠡᠮᠳᠡᠷᠡᠭ᠍ᠰᠡᠨ

ᠠᠷᠪᠠᠢ ᠪᠣᠭᠤᠳᠠᠢ᠂   ᠮᠠᠯ ᠤᠨ ᠭᠦᠭ᠌ ᠶᠢᠡᠷ ᠡᠳᠡᠭᠡᠷᠡᠭ᠍ᠰᠡᠨ

ᠠᠢ ᠣᠢ᠌ᠯᠠ ᠶᠢᠨ ᠦᠷᠠᠳᠤ ᠡᠭᠡ ᠪᠣᠯᠤᠭᠰᠠᠨ ᠭᠠᠵᠠᠷ ᠰᠢᠷᠤᠢ ᠮᠢᠨᠢ

ᠡᠴᠢᠭᠡ ᠡᠪᠦᠭᠡᠤᠨ ᠤᠨ ᠵᠠᠪᠢᠯᠠᠵᠤ ᠰᠠᠭᠤᠭᠰᠠᠨ ᠭᠠᠵᠠᠷ ᠰᠢᠷᠤᠢ ᠮᠢᠨᠢ

ᠡᠴᠦᠰ ᠤᠨ ᠴᠢᠰᠤ ᠪᠠᠨ ᠶᠡᠭᠦᠯᠡᠵᠤ ᠥᠭᠦᠵᠤ ᠳᠡᠮᠡᠴᠡᠭ᠍ᠰᠡᠨ ᠭᠠᠵᠠᠷ ᠰᠢᠷᠤᠢ ᠮᠢᠨᠢ

ᠳᠡᠭᠡᠳᠤ ᠳᠡᠭ᠍ᠷᠢ ᠡᠴᠡ ᠵᠢᠭᠠᠵᠤ ᠠᠳᠢᠰᠯᠠᠭᠰᠠᠨ ᠭᠠᠵᠠᠷ ᠰᠢᠷᠤᠢ ᠮᠢᠨᠢ

ᠳᠡᠯᠡᠭᠡᠢ ᠳᠤ ᠮᠤᠩᠭ᠋ᠤᠯ ᠭᠡᠷᠡᠭᠡ ᠭᠠᠵᠠᠷ ᠰᠢᠷᠤᠢ ᠮᠢᠨᠢ

ᠵᠤᠬᠢᠶᠠᠭᠴᠢ᠄ ᠪᠠᠶᠠᠷᠰᠠᠢ᠌ᠬᠠᠨ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3232
ᠴᠠᠭ᠄ 2008 ᠤᠨ ᠤ 10 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ