ᠨᠡᠪᠲᠡᠷᠡᠨ ᠤᠷᠤᠬᠤ
ᠴᠠᠭᠠᠨᠨᠠᠭᠤᠷ ᠤᠨ ᠬᠠᠰᠬᠢᠷᠤᠯ

ᠴᠠᠭᠠᠠᠨᠠᠭᠤᠷ ᠲᠤ ᠪᠢ ᠳᠦᠷᠦᠭᠡ ᠦᠭᠡᠶ ᠴᠤ

ᠴᠠᠭᠠᠠᠨᠠᠭᠤᠷ ᠢ ᠨᠤᠳᠤᠭ ᠶᠢᠡᠨ ᠰᠢᠭ ᠰᠠᠨᠠᠳᠠᠭ

ᠴᠠᠯᠭᠢᠯᠠᠬᠤ ᠨᠠᠭᠤᠷ ᠤᠨ ᠭᠦᠭᠡᠰᠤ ᠨᠢ

ᠴᠠᠭᠢᠯᠳᠠᠭ ᠤᠨ ᠭᠦᠭᠡ ᠴᠡᠴᠡᠭ᠌ ᠨᠢ

ᠴᠠᠢ᠌ᠷᠠᠬᠤ ᠨᠤᠭᠤᠭᠠᠨ ᠰᠢᠯᠢ ᠨᠢ

ᠴᠠᠷᠴᠠᠬᠠᠢ ᠵᠢᠷᠭᠢᠭ᠍ᠰᠡᠨ ᠪᠠᠭᠤᠷᠢ ᠨᠢ

ᠴᠠᠭᠠᠨ᠎ᠠ ᠪᠠᠨ ᠮᠤᠩᠭ᠋ᠤᠯ ᠨᠤᠳᠤᠭ ᠪᠠᠢ᠌ᠭᠰᠠᠨ

ᠴᠠᠭ ᠲᠠᠭᠠᠨ ᠮᠠᠯ ᠤᠨ ᠪᠠᠯᠴᠢᠭᠡᠷ ᠪᠠᠢ᠌ᠭᠰᠠᠨ ᠃

ᠬᠤᠶᠠᠷ ᠠᠭᠤᠯᠠ ᠶᠢ ᠬᠤᠯᠪᠣᠵᠤ ᠳᠡᠷᠭᠡᠯᠰᠢᠭ᠍ᠰᠡᠨ

ᠬᠤᠪᠣᠷᠬᠠᠨ ᠣᠷᠤᠰᠢᠬᠤ ᠳᠠᠷᠠ ᠭᠦᠳᠡᠭᠡ

ᠬᠤᠰᠢᠭᠤ ᠨᠤᠳᠤᠭ ᠤᠨ ᠶᠢᠡᠨ ᠭᠦᠢᠰᠤ ᠳᠤᠪᠴᠢ ᠨᠢ ᠰᠢᠭ

ᠬᠤᠯᠠ ᠶᠢᠨ ᠠᠶᠠᠠᠴᠢᠨ ᠤ ᠴᠢᠯᠡᠭᠡ ᠶᠢ

ᠬᠤᠳᠠᠯᠠᠨ ᠪᠠᠢ᠌ᠵᠤ ᠳᠠᠢ᠌ᠯᠳᠠᠭ

ᠬᠤᠷᠳᠤᠨ ᠮᠠᠰᠢᠨ ᠤ ᠳᠠᠪᠭᠢᠭ᠎ᠠ ᠶᠢ

ᠬᠤᠷᠮᠤᠢ ᠳᠡᠭᠡᠭᠦᠷ ᠶᠢᠡᠨ ᠵᠤᠷᠢᠭᠤᠯᠳᠠᠭ

ᠬᠤᠩᠭ᠋ᠤᠷ ᠮᠤᠷᠢᠨ ᠤ ᠵᠢᠷᠤᠭ᠎ᠠ ᠶᠢ

ᠵᠥᠯᠭᠡᠨ ᠳᠡᠭᠡᠭᠦᠷ ᠶᠢᠡᠨ ᠰᠠᠢ᠌ᠪᠦᠷᠯᠠᠭᠤᠯᠳᠠᠭ

ᠬᠤᠨ ᠤ ᠴᠠᠭᠠᠨ ᠨᠡᠭᠦᠳᠡᠯ ᠢ

ᠣᠰᠤᠨ ᠳᠠᠭᠠᠨ ᠳᠠᠳᠠᠵᠤ ᠥᠡᠵᠢᠭᠦᠯᠳᠡᠭ᠌

ᠬᠤᠨᠢᠴᠢᠨ ᠮᠠᠯᠴᠢᠤᠨ ᠤᠨ ᠵᠠᠶᠠᠭ᠎ᠠ

ᠡᠭᠦᠷᠢᠳᠡ ᠳᠠᠠᠳᠠ ᠪᠠᠨ ᠰᠢᠩᠭᠡᠭ᠍ᠰᠡᠨ ᠳᠠᠯ᠎ᠠ

ᠬᠤᠰᠢᠭᠤ ᠨᠠᠢ᠌ᠷ ᠤᠨ ᠴᠤᠭᠯᠠᠭ᠎ᠠ

ᠥᠷᠭᠦᠯᠵᠢ ᠳᠠᠠᠳᠠ ᠳᠦᠪᠯᠡᠷᠡᠭ᠍ᠰᠡᠨ ᠭᠠᠵᠠᠷ ᠃

ᠭᠠᠭᠴᠠ ᠳᠦᠷᠦᠭᠦ ᠨᠠᠰᠤ ᠶᠠᠰᠤ ᠪᠠᠨ

ᠭᠠᠵᠠᠷ ᠣᠰᠤᠨ ᠳᠠᠭᠠᠨ ᠶᠡᠭᠦᠯᠡᠭᠦ ᠮᠤᠩᠭ᠋ᠤᠯᠴᠤᠳ ᠮᠢᠨᠢ

ᠭᠠᠯᠪᠠ ᠶᠢᠨ ᠡᠵᠡᠨ ᠬᠠᠤᠯᠢ ᠶᠢᠨ ᠡᠮᠦᠨ᠎ᠡ ᠡᠴᠡ

ᠭᠠᠷ ᠶᠢᠡᠨ ᠳᠠᠯᠠᠯᠤᠨ ᠭᠡᠳᠡᠷ ᠪᠣᠯᠤᠭᠰᠠᠨ ᠴᠤ

ᠭᠠᠬᠠᠢ ᠬᠤᠭᠤᠰᠤᠨ ᠪᠣᠯᠵᠤ ᠱᠤᠷᠤᠩ ᠳᠤ ᠭᠡᠳᠤ ᠨᠢ ᠣᠷᠤᠪᠠ

ᠭᠠᠰᠠᠯᠠᠩ ᠭᠤᠮᠤᠳᠠᠯ ᠨᠠᠢ᠌ᠯᠠᠵᠤ ᠭᠡᠷ ᠲᠡᠭᠡᠨ ᠭᠡᠳᠤ ᠨᠢ ᠬᠠᠷᠢᠪᠠ

ᠭᠠᠯ ᠣᠯᠠᠭᠠᠨ ᠳᠠᠮᠠᠭ᠎ᠠ ᠲᠡᠶ ᠪᠢᠴᠢᠭ᠌ ᠯᠠ

ᠭᠠᠷ ᠭᠦᠯ ᠲᠡᠶ ᠪᠦᠭᠦᠨ ᠶᠢᠡᠷ ᠳᠠᠮᠵᠢᠵᠤ

ᠭᠠᠴᠢᠭ ᠳᠦᠪᠠᠭ᠌ ᠪᠦᠭᠦᠨ ᠢ ᠠᠷᠭᠠᠳᠠᠨ᠎ᠠ ᠃

ᠵᠥᠯᠭᠡᠨ ᠨᠤᠭᠤᠭᠠᠨ ᠭᠦᠳᠡᠭᠡ ᠶᠢ ᠨᠢ

ᠵᠣᠢ᠌ᠳᠠᠯ ᠵᠣᠢ᠌ᠳᠠᠯ ᠶᠢᠡᠷ ᠳᠠᠰᠤᠴᠢᠪᠠ

ᠵᠢᠷᠦᠭᠡᠨ ᠴᠠᠭᠠᠠᠨᠠᠭᠤᠷ ᠢ ᠨᠢ

ᠵᠥᠭ᠌ ᠪᠣᠯᠭᠠᠨ ᠳᠤ ᠰᠠᠳᠠᠴᠢᠪᠠ

ᠵᠣᠢ᠌ᠳᠠᠯ ᠳᠠᠳᠠᠭᠰᠠᠨ ᠭᠤᠷᠤᠬ᠎ᠠ ᠶᠢ ᠨᠢ

ᠵᠦᠰᠠᠵᠤ ᠳᠡᠭ᠍ᠰᠢᠯᠡᠭᠡᠤᠨ ᠪᠣᠯᠠᠪᠠ

ᠵᠢᠰᠤ ᠪᠦᠳᠤᠨ ᠳᠠᠷᠠ ᠭᠦᠳᠡᠭᠡ

ᠵᠣᠢ᠌ᠯ ᠵᠢᠰᠤᠮ ᠤᠨ 《ᠰᠠᠪᠠᠷ》 ᠲᠤ ᠢᠳᠡᠭ᠍ᠳᠡᠪᠡ

ᠳᠠᠷᠠᠰᠤᠨ ᠳ᠋ᠤᠨᠢ ᠨᠥᠮᠦᠷᠢᠯᠡᠳᠡᠭ᠌ ᠪᠢᠯᠵᠤᠤᠬᠠᠢ

ᠳᠡᠭ᠍ᠳᠡᠭᠡᠭᠡᠢ ᠪᠠᠨ ᠠᠯᠳᠠᠭᠠᠤᠨ ᠭᠤᠨᠢᠪᠠ

ᠳᠡᠷᠭᠡᠳᠡ ᠨᠢ ᠵᠤᠭᠰᠤᠳᠠᠭ ᠮᠠᠯᠴᠢᠤᠨ

ᠳᠡᠭᠡᠪᠦᠷ ᠶᠢᠡᠨ ᠡᠪᠭᠡᠭᠡᠤᠨ ᠭᠤᠨᠢᠷᠬᠠᠪᠠ

ᠨᠠᠭᠤᠷ ᠲᠤᠨᠢ ᠢᠷᠡᠳᠡᠭ᠌ ᠭᠠᠯᠠᠭᠠᠤᠨ

ᠨᠢᠯᠪᠣᠰᠤ ᠪᠠᠨ ᠵᠠᠯᠭᠢᠭᠠᠤᠨ ᠭᠤᠳᠠᠭᠠᠪᠠ

ᠨᠤᠭᠤᠭᠠᠨ ᠳ᠋ᠤᠨᠢ ᠰᠡᠷᠢᠭᠦᠴᠡᠳᠡᠭ᠌ ᠳᠤᠭᠤᠯ

ᠨᠢᠳᠤ ᠪᠠᠨ ᠠᠨᠢᠨ ᠭᠤᠳᠤᠷᠠᠪᠠ

ᠨᠠᠪᠴᠢᠨ ᠳ᠋ᠤᠨᠢ ᠳᠡᠷᠪᠠᠳᠡᠭ᠌ ᠡᠷᠪᠠᠭᠡᠢ

ᠵᠢᠭᠦᠷ ᠶᠢᠡᠨ ᠬᠤᠮᠢᠭᠠᠤᠨ ᠪᠠᠯᠠᠷᠠᠪᠠ

ᠨᠠᠮᠤᠭ ᠳᠤᠨᠢ ᠵᠢᠷᠭᠠᠳᠠᠭ ᠵᠢᠭᠠᠰᠤ

ᠵᠢᠷᠦᠭᠡ ᠪᠠᠨ ᠴᠠᠢ᠌ᠯᠭᠠᠨ ᠬᠤᠭᠤᠰᠤᠷᠠᠪᠠ

ᠬᠤᠷᠳᠤᠨ ᠮᠤᠷᠢᠨ ᠤ ᠳᠤᠭᠤᠷᠠᠢ

ᠴᠢᠯᠠᠭᠤᠨ ᠳᠤ ᠪᠦᠳᠦᠷᠢᠵᠤ ᠴᠢᠰᠤᠳᠠᠪᠠ

ᠬᠤᠨᠢᠴᠢᠨ ᠠᠢ᠌ᠯ ᠤᠨ ᠪᠠᠭᠤᠷᠢ

ᠴᠤᠭᠤᠨᠢᠭ ᠪᠣᠯᠵᠤ ᠣᠰᠤᠳᠠᠪᠠ ᠃

ᠣᠳᠤ ᠳᠠᠠᠳᠠ

ᠰᠢᠷᠤᠢ ᠳᠤᠭᠤᠰᠤ ᠳᠡᠷᠭᠡ ᠭᠤᠷᠪᠠ

ᠰᠢᠷᠭᠤᠯᠵᠢ ᠡᠭᠦᠷ ᠶᠢᠡᠨ ᠡᠷᠢᠭᠦ ᠰᠢᠭ᠌ ᠪᠣᠴᠠᠯᠤᠨ᠎ᠠ

ᠰᠤᠬᠤᠷ ᠥᠯᠡᠳᠡᠭ᠍ᠰᠡᠨ ᠨᠠᠭᠤᠷ ᠤᠨ ᠬᠠᠭᠠᠰ ᠨᠢ

ᠰᠠᠯᠭᠢ ᠰᠢᠷᠤᠢ ᠳᠤ ᠬᠠᠬᠠᠵᠤ ᠣᠭᠢᠯᠠᠨ᠎ᠠ

ᠭᠦᠷᠦᠰᠤ ᠪᠠᠨ ᠬᠠᠭᠠᠯᠤᠭᠤᠯᠤᠭᠰᠠᠨ ᠭᠦᠳᠡᠭᠡ

ᠭᠦᠳᠦᠰᠤᠨ ᠳᠠᠪᠠᠯ ᠤᠨ ᠥᠩᠭᠡ ᠰᠢᠭ᠌ ᠨᠠᠯᠴᠠᠢ᠌ᠨ᠎ᠠ

ᠭᠦᠳᠡᠭᠡ ᠡᠵᠡᠯᠡᠭ᠍ᠰᠡᠨ ᠠᠮᠢᠳᠠᠤᠨ

ᠭᠦᠷᠵᠡ ᠭᠡᠷᠡᠮ ᠴᠢᠯᠠᠭᠤᠨ ᠳᠤᠮᠳᠠ ᠭᠡᠯᠳᠦᠷᠢᠨ᠎ᠡ ᠁

ᠴᠠᠭᠠᠠᠨᠠᠭᠤᠷ ᠲᠤ ᠭ᠍ᠬᠢᠷ ᠪᠠᠭᠤᠭ᠎ᠠ ᠦᠭᠡᠶ ᠨᠤᠳᠤᠭ ᠪᠠᠢ᠌ᠭᠰᠠᠨ

ᠴᠠᠭᠠᠨ᠎ᠠ ᠪᠠᠨ ᠮᠤᠩᠭ᠋ᠤᠯ ᠨᠤᠳᠤᠭ ᠪᠠᠢ᠌ᠭᠰᠠᠨ

ᠴᠠᠭ ᠲᠠᠭᠠᠨ ᠪᠠᠰᠠ ᠮᠠᠯ ᠤᠨ ᠪᠠᠯᠴᠢᠭᠡᠷ ᠪᠠᠢ᠌ᠭᠰᠠᠨ ᠃

ᠵᠤᠬᠢᠶᠠᠭᠴᠢ᠄ ᠤᠯᠠᠭᠠᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2662
ᠴᠠᠭ᠄ 2007 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ