☆ ᠪᠠ᠊·ᠤᠳᠽᠠᠷ
ᠨᠤᠳᠤᠭ ᠤᠨ ᠮᠢᠨᠢ ᠳᠤᠷᠠᠰᠤᠯ
ᠳᠠᠪᠤᠨ ᠬᠤᠰᠢᠭᠤ ᠮᠠᠯ ᠰᠦᠷᠦᠭ᠌ ᠶᠢᠡᠨ
ᠬᠤᠳᠠᠯᠠᠵᠤ ᠶᠠᠪᠣᠭᠰᠠᠨ
ᠳᠠᠷᠠᠭ ᠠᠢ᠌ᠷᠠᠭ ᠠᠷᠢᠭᠢ ᠴᠡᠭᠡ ᠪᠠᠨ
ᠰᠦᠩᠨᠠᠵᠤ ᠶᠠᠪᠣᠭᠰᠠᠨ
ᠭᠡᠢ ᠬᠤᠷᠳᠤᠨ ᠠᠷᠠᠠᠵᠠᠯ ᠭᠦᠯᠦᠭ᠌ ᠢ
ᠣᠨᠤᠵᠤ ᠶᠠᠪᠣᠭᠰᠠᠨ
ᠭᠡᠰᠢᠭ᠌ ᠭᠡᠢ ᠮᠤᠷᠢ ᠴᠤᠭ ᠰᠦᠯᠳᠡ ᠶᠢ
ᠪᠠᠳᠠᠷᠠᠭᠠᠵᠤ ᠶᠠᠪᠣᠭᠰᠠᠨ
ᠮᠢᠨᠤ ᠨᠤᠳᠤᠭ ᠤᠨ ᠡᠷᠭᠢᠴᠡᠭᠦᠯᠦᠯ᠃
ᠠᠳᠤᠭᠤ ᠮᠠᠯ ᠤᠨ ᠠᠢ᠌ᠷᠠᠭ ᠴᠡᠭᠡ
ᠣᠤᠭᠤᠵᠤ ᠶᠠᠪᠣᠭᠰᠠᠨ
ᠠᠮᠳᠠᠳᠠᠢ ᠰᠠᠢ᠌ᠬᠠᠨ ᠮᠢᠬ᠎ᠠ ᠥᠭᠡᠭᠦ ᠶᠢ
ᠢᠳᠠᠵᠤ ᠶᠠᠪᠣᠭᠰᠠᠨ
ᠡᠡᠭ᠌ ᠲᠡᠶ ᠰᠠᠢ᠌ᠬᠠᠨ ᠮᠠᠩᠨᠤᠭ ᠳᠤᠷᠭ᠎ᠠ ᠶᠢ
ᠡᠮᠦᠰᠴᠤ ᠶᠠᠪᠣᠭᠰᠠᠨ
ᠠᠯᠳᠠ ᠮᠥᠩᠭᠦᠨ ᠠᠷᠢᠭᠤᠨ ᠡᠷᠳᠡᠨᠢ ᠶᠢ
ᠡᠳ᠋ᠯᠡᠵᠤ ᠶᠠᠪᠣᠭᠰᠠᠨ
ᠮᠢᠨᠤ ᠨᠤᠳᠤᠭ ᠤᠨ ᠵᠢᠷᠭᠠᠯ᠃
ᠴᠡᠩᠭᠡᠷ ᠭᠦᠭᠡ ᠳᠠᠠᠵᠢᠨ ᠳᠡᠭᠡᠷ᠎ᠡ
ᠪᠠᠭᠤᠷᠢᠯᠠᠵᠤ ᠶᠠᠪᠣᠭᠰᠠᠨ
ᠴᠡᠭᠡᠨ ᠪᠣᠯᠠᠭ ᠤᠨ ᠣᠰᠤ ᠪᠠᠷ
ᠣᠮᠳᠠᠯᠠᠵᠤ ᠶᠠᠪᠣᠭᠰᠠᠨ
ᠴᠠᠪᠠᠷ ᠳᠤᠩᠭ᠋ᠠᠯᠠᠭ ᠠᠭᠠᠷ ᠢ
ᠠᠮᠢᠰᠬᠤᠵᠤ ᠶᠠᠪᠣᠭᠰᠠᠨ
ᠴᠡᠴᠡᠭ᠌ ᠬᠤᠸᠠᠷ ᠤᠨ ᠰᠠᠢ᠌ᠬᠠᠨ ᠢ
ᠰᠤᠨᠢᠷᠬᠠᠵᠤ ᠶᠠᠪᠣᠭᠰᠠᠨ
ᠮᠢᠨᠤ ᠨᠤᠳᠤᠭ ᠤᠨ ᠦᠵᠠᠮᠵᠢ᠃
ᠠᠭᠳᠠ ᠭᠦᠯᠦᠭ᠌ ᠤᠨ ᠬᠤᠷᠳᠤᠨ ᠢ
ᠴᠠᠯᠮᠠᠳᠠᠵᠤ ᠶᠠᠪᠣᠭᠰᠠᠨ
ᠠᠩ ᠭᠦᠷᠦᠭᠡᠰᠤᠨ ᠤᠨ ᠰᠠᠢ᠌ᠨ ᠢ
ᠠᠩᠨᠠᠵᠤ ᠶᠠᠪᠣᠭᠰᠠᠨ
ᠠᠯᠳᠠᠨ ᠰᠢᠷᠭᠠᠯ ᠳᠠᠷᠢᠶ᠎ᠠ ᠲᠦᠮᠦᠰᠦ ᠪᠠᠨ
ᠳᠠᠷᠢᠵᠤ ᠶᠠᠪᠣᠭᠰᠠᠨ
ᠠᠵᠤ ᠠᠮᠢᠳᠤᠷᠠᠯ ᠤᠨ ᠰᠠᠢ᠌ᠨ ᠰᠠᠢ᠌ᠬᠠᠨ ᠢ
ᠡᠳ᠋ᠯᠡᠵᠤ ᠶᠠᠪᠣᠭᠰᠠᠨ
ᠮᠢᠨᠤ ᠨᠤᠳᠤᠭ ᠤᠨ ᠪᠣᠶᠠᠨ ᠵᠠᠪᠰᠢᠶᠠᠨ᠃
ᠢᠷᠠᠭᠤ ᠨᠠᠢ᠌ᠷᠠᠭ ᠤᠳᠬ᠎ᠠ ᠵᠤᠬᠢᠶᠠᠯ ᠢ
ᠣᠶᠠᠩᠭ᠋ᠠᠯᠠᠵᠤ ᠶᠠᠪᠣᠭᠰᠠᠨ
ᠠᠭᠤᠯᠠ ᠭᠦᠳᠡᠭᠡ ᠠᠭᠤᠳᠠᠮ ᠳᠠᠯ᠎ᠠ ᠶᠢ
ᠪᠠᠶᠠᠰᠬᠠᠵᠤ ᠶᠠᠪᠣᠭᠰᠠᠨ
ᠣᠷᠠᠨ ᠭᠡᠯᠡ ᠲᠡᠶ ᠭᠡᠭᠡᠷ᠎ᠡ ᠶᠢᠨ ᠰᠢᠪᠠᠭᠤᠳ ᠢ
ᠴᠡᠩᠭᠡᠯᠳᠦᠭᠦᠯᠵᠤ ᠶᠠᠪᠣᠭᠰᠠᠨ
ᠣᠶᠠᠩᠭ᠋ᠠᠳᠤ ᠰᠠᠢ᠌ᠬᠠᠨ ᠣᠷᠳᠤ ᠶᠢᠨ ᠳᠠᠭᠤᠤ ᠪᠠᠨ
ᠬᠠᠩᠭᠢᠨᠠᠭᠤᠯᠵᠤ ᠶᠠᠪᠣᠭᠰᠠᠨ
ᠮᠢᠨᠤ ᠨᠤᠳᠤᠭ ᠤᠨ ᠣᠷᠠᠨ ᠪᠦᠳᠦᠭᠡᠯ᠃
ᠱᠤᠩᠬᠤᠷ ᠤᠨ ᠠᠭᠤᠯᠠ ᠰᠢᠷᠠᠮᠦᠷᠠᠨ ᠭᠤᠤᠯ ᠢ ᠪᠠᠨ
ᠳᠠᠭᠢᠵᠤ ᠶᠠᠪᠣᠭᠰᠠᠨ
ᠬᠠᠩᠭ᠋ᠠᠢ ᠭᠤᠪᠢ ᠶᠢᠨ ᠬᠠᠮᠤᠭ ᠪᠠᠶᠠᠯᠢᠭ ᠶᠢᠡᠨ
ᠰᠠᠭᠢᠵᠤ ᠶᠠᠪᠣᠭᠰᠠᠨ
ᠬᠠᠨᠠᠭᠠᠷ ᠳᠠᠯ᠎ᠠ ᠬᠤᠷᠴᠢᠨ ᠨᠤᠳᠤᠭ ᠶᠢᠡᠨ
ᠬᠠᠮᠠᠭᠠᠯᠠᠵᠤ ᠶᠠᠪᠣᠭᠰᠠᠨ
ᠮᠢᠨᠤ ᠨᠤᠳᠤᠭ ᠤᠨ ᠵᠤᠷᠢᠭ ᠡᠷᠴᠢ᠃
ᠠᠯᠳᠠᠨ ᠳᠡᠯᠡᠭᠡᠢ ᠶᠢᠨ ᠦᠷᠤ ᠶᠢ
ᠠᠶᠠᠯᠠᠵᠤ ᠳᠠᠪᠭᠢᠭᠰᠠᠨ
ᠠᠮᠢ ᠨᠠᠰᠤᠨ ᠤ ᠠᠶᠤᠮᠰᠢᠭᠳᠤ ᠪᠠᠷᠳᠠᠭ᠎ᠠ ᠶᠢ
ᠳᠠᠪᠠᠵᠤ ᠶᠠᠪᠣᠭᠰᠠᠨ
ᠭᠠᠳᠠ ᠮᠠᠢ᠌ᠷᠠᠨ ᠤ ᠵᠤᠷᠢᠭ ᠢ
ᠵᠤᠷᠢᠵᠤ ᠶᠠᠪᠣᠭᠰᠠᠨ
ᠭᠠᠷᠮᠠᠭᠠᠢ ᠳᠠᠢ᠌ᠴᠢᠨ ᠠᠯᠳᠠᠷ ᠴᠤᠯᠠ ᠶᠢ ᠨᠢ
ᠳᠠᠨᠢᠭᠤᠯᠵᠤ ᠶᠠᠪᠣᠭᠰᠠᠨ
ᠮᠢᠨᠤ ᠨᠤᠳᠤᠭ ᠤᠨ ᠮᠥᠩᠭᠡ ᠳᠤᠷᠠᠰᠤᠯ᠁
ᠵᠤᠬᠢᠶᠠᠭᠴᠢ ᠶᠢᠨ ᠬᠠᠶᠠᠭ ᠄ ᠳᠦᠡᠭᠯᠢᠶᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ
ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄
ᠰᠢᠯᠦᠭᠳᠠᠷᠤᠮ᠄ 13307
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ