☆ ᠳ·ᠪᠦᠷᠢᠠᠴᠤᠭᠳᠤ
ᠴᠢᠨᠤ ᠳᠤᠬᠠᠢ ᠰᠢᠯᠦᠭ᠌ ᠪᠢᠴᠢᠯ᠎ᠠ
ᠦᠣᠷ ᠴᠠᠢ᠌ᠬᠤ ᠪᠠᠷ ᠵᠡᠭᠦᠳᠤ ᠮᠠᠨᠠᠵᠤ
ᠠᠮᠠᠷᠠᠭ ᠴᠢᠨᠤ ᠬᠠᠢ᠌ᠷ᠎ᠠ ᠶᠢᠨ ᠳᠤᠬᠠᠢ
ᠣᠷᠤᠨ ᠳᠤᠳᠤᠷ᠎ᠠ ᠪᠠᠨ ᠦᠨᠳᠠᠢ᠌ᠵᠤ ᠰᠠᠭᠤᠨ
ᠡᠪᠦᠷᠯᠡᠵᠤ ᠣᠠᠳᠠᠭᠰᠠᠨ ᠦᠯᠢᠭᠡᠷ ᠤᠨ ᠳᠤᠬᠠᠢ
ᠰᠢᠯᠦᠭ᠌ ᠪᠢᠴᠢᠯ᠎ᠠ
ᠣᠳᠤᠷ ᠤᠨ ᠮᠠᠢ᠌ᠬᠠᠨ ᠳᠠᠭᠠᠨ ᠭᠠᠯ ᠶᠢᠡᠨ ᠮᠠᠨᠠᠵᠤ
ᠥᠭᠡᠷ ᠤᠨ ᠮᠢᠬ᠎ᠠ ᠴᠢᠨᠠᠨ ᠴᠠᠢ ᠪᠠᠨ ᠠᠶᠠᠭᠠᠯᠠᠵᠤ
ᠥᠮᠴᠢᠷᠭᠡᠨ ᠵᠠᠩ ᠲᠡᠶ ᠴᠢᠮ᠎ᠠ ᠪᠠᠨ
ᠦᠨᠡᠨ ᠤ ᠬᠠᠢ᠌ᠷ᠎ᠠ ᠪᠠᠷ ᠮᠦᠷᠦᠭᠡᠳᠦᠵᠤ
ᠰᠢᠯᠦᠭ᠌ ᠪᠢᠴᠢᠯ᠎ᠠ
ᠰᠦᠷᠦᠭ᠌ ᠡᠴᠠ ᠥᠭᠡᠷ᠎ᠡ ᠪᠠᠷᠠᠩ ᠥᠭᠡᠢ
ᠰᠡᠭᠦᠳᠡᠷ ᠡᠴᠠ ᠥᠭᠡᠷ᠎ᠡ ᠬᠠᠨᠢ ᠦᠭᠡᠶ ᠶᠠᠪᠣᠬᠤ ᠳ᠋ᠠᠭᠠᠨ
ᠰᠡᠳᠭᠢᠯ ᠤᠨ ᠬᠠᠢ᠌ᠷᠠᠳᠠᠢ ᠴᠢᠮ᠎ᠠ ᠪᠠᠨ
ᠰᠠᠨᠠᠨ ᠰᠠᠨᠠᠨ ᠳᠤᠷᠠᠰᠴᠤ ᠰᠠᠭᠤᠨ
ᠰᠢᠯᠦᠭ᠌ ᠪᠢᠴᠢᠯ᠎ᠠ
ᠡᠭᠦᠯᠡᠨ ᠨᠡᠭᠦᠳᠡᠯ ᠤᠨ ᠵᠤᠯᠭᠠᠯᠳᠠ ᠭᠦᠰᠡᠵᠤ
ᠢᠳᠡᠭᠡᠯ ᠤᠨ ᠳᠠᠩᠭ᠋ᠠᠷᠢᠭ ᠲᠡᠶ ᠭᠦᠰᠡᠯ ᠵᠢᠠᠷ
ᠡᠭᠦᠯᠡ ᠲᠡᠶ ᠡᠳᠦᠷ ᠤᠨ ᠪᠠᠷ᠎ᠠ ᠬᠠᠷᠠᠵᠤ
ᠦᠨᠦᠴᠢᠨ ᠬᠠᠢ᠌ᠷ᠎ᠠ ᠶᠢᠨ ᠳᠤᠷᠠᠰᠤᠯ ᠭᠦᠯᠢᠶᠡᠨ
ᠰᠢᠯᠦᠭ᠌ ᠪᠢᠴᠢᠯ᠎ᠠ
ᠣᠳᠤᠷ ᠠᠶᠠᠯᠠᠭᠰᠠᠨ ᠭᠠᠭᠴᠠᠭᠠᠷᠳᠠᠯ ᠵᠢᠠᠨ
ᠭᠠᠩᠭ᠋ᠠᠨᠠᠬᠤ ᠨᠤᠬᠠᠢ ᠶᠢᠨ ᠳᠠᠭᠤ ᠪᠠᠷ ᠳᠠᠢ᠌ᠪᠣᠰᠢᠷᠠᠭᠤᠯᠵᠤ
ᠣᠯᠠᠨ ᠤ ᠰᠡᠳᠭᠢᠯ ᠢ ᠭᠦᠳᠡᠯᠭᠡᠵᠤ ᠶᠠᠪᠣᠭᠰᠠᠨ ᠴᠢᠮ᠎ᠠ ᠪᠠᠨ
ᠭᠠᠢ᠌ᠬᠠᠵᠤ ᠪᠠᠬᠠᠷᠬᠠᠨ ᠮᠦᠷᠦᠭᠡᠳᠦᠭ᠍ᠰᠡᠭᠡᠷ
ᠰᠢᠯᠦᠭ᠌ ᠪᠢᠴᠢᠯ᠎ᠠ
ᠬᠠᠴᠢᠨ ᠰᠤᠨᠢᠨ ᠵᠡᠭᠦᠳᠤᠨ ᠡᠴᠠ ᠪᠠᠨ
ᠬᠠᠷ᠎ᠠ ᠳᠠᠷᠤᠵᠤ ᠰᠡᠷᠡᠴᠢᠭᠡᠭᠡᠳ
ᠬᠠᠷᠠᠩᠭ᠋ᠤᠢ ᠰᠦᠨᠢ ᠪᠠᠷ ᠯᠠ ᠪᠠᠨ ᠨᠤᠴᠤᠭᠠᠵᠤ
ᠬᠠᠢ᠌ᠷ᠎ᠠ ᠤᠨ ᠳᠤᠬᠠᠢ ᠪᠣᠳᠤᠯᠭᠠᠰᠢᠷᠠᠨ
ᠰᠢᠯᠦᠭ᠌ ᠪᠢᠴᠢᠯ᠎ᠠ
ᠬᠤᠩᠭ᠋ᠤᠷ ᠴᠢᠨᠤ ᠪᠠᠯᠡᠭᠯᠡᠭ᠍ᠰᠡᠨ ᠰᠡᠭᠦᠳᠡᠷ ᠢ
ᠬᠠᠷᠮᠠᠨ ᠡᠴᠠ ᠪᠠᠨ ᠰᠤᠭᠤᠯᠤᠨ ᠠᠪᠴᠤ
ᠬᠠᠨᠤᠰᠢ ᠦᠭᠡᠶ ᠬᠠᠢ᠌ᠷ᠎ᠠ ᠶᠢᠨ ᠬᠠᠷᠠᠴᠠ ᠪᠠᠷ ᠰᠢᠷᠳᠠᠨ
《ᠬᠠᠢ᠌ᠷᠠᠳᠠᠢ》 ᠭᠡᠳᠡᠭ᠌ ᠥᠭᠡ ᠪᠠᠨ ᠰᠢᠪᠠᠨᠠᠨ ᠪᠠᠢ᠌ᠵᠤ
ᠰᠢᠯᠦᠭ᠌ ᠪᠢᠴᠢᠯ᠎ᠠ
ᠵᠤᠬᠢᠶᠠᠭᠴᠢ ᠶᠢᠨ ᠬᠠᠶᠢᠭ᠄ ᠬᠦᠬᠡᠨᠠᠭᠤᠷ ᠮᠤᠵᠢ ᠶᠢᠨ ᠳᠤᠯᠠᠭᠠᠨ ᠰᠢᠶᠠᠨ ᠤ ᠨᠤᠮᠤᠬᠠᠨ ᠳᠤᠰᠬᠤᠨ
ᠵᠤᠬᠢᠶᠠᠭᠴᠢ᠄ ᠳ·ᠪᠦᠷᠢᠠᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2659
ᠴᠠᠭ᠄ 2010 ᠤᠨ ᠤ 09 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ